ᠨᠡᠷ᠎ᠡ:
ᠴᠢᠮᠠᠳᠳᠤᠷᠵᠢ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠴᠢᠮᠠᠳᠳᠤᠷᠵᠢ ( 1924 ~ 1980 ) ᠨᠠᠢᠷᠠᠭᠤᠯᠤᠭᠴᠢ᠂ ᠵᠣᠬᠢᠶᠠᠯᠴᠢ᠃ ᠦᠪᠥᠷ ᠮᠣᠩᠭᠣᠯ ᠤᠨ ᠵᠣᠣ ᠤᠳᠠ ᠠᠢᠮᠠᠭ ᠤᠨ ᠪᠠᠭᠠᠷᠢᠨ ᠪᠠᠷᠠᠭᠤᠨ ᠬᠣᠰᠢᠭᠤᠨ ᠳᠤ ᠲᠦᠷᠥᠵᠡᠢ᠃ 1946 ᠣᠨ ᠤ ᠲᠠᠪᠤᠳᠤᠭᠠᠷ ᠰᠠᠷ᠎ᠠ ᠳᠤ ᠬᠤᠪᠢᠰᠬᠠᠯ ᠳᠤ ᠣᠷᠣᠯᠴᠠᠵᠤ᠂ ᠯᠵᠢᠨᠳᠣᠩ ᠳᠠᠬᠢ ᠤᠯᠤᠰ ᠲᠦᠷᠥ ᠵᠢᠨ ᠺᠠᠲᠠᠷ ᠤᠨ ᠪᠣᠯᠪᠠᠰᠤᠷᠠᠯ ᠤᠨ ᠠᠩᠭᠢ ᠳᠤ ᠰᠤᠷᠤᠯᠴᠠᠨ ᠮᠠᠷᠺᠰ᠂ ᠯᠧᠨᠢᠨ ᠦ ᠦᠵᠡᠯ ᠦᠨ ᠬᠦᠮᠦᠵᠢᠯ ᠬᠦᠷᠲᠡᠵᠦ᠂ ᠤᠳᠬ᠎ᠠ ᠤᠷᠠᠯᠢᠭ ᠤᠨ ᠵᠣᠬᠢᠶᠠᠨ ᠪᠦᠲᠦᠭᠡᠬᠦ ᠠᠵᠢᠯ ᠢᠶᠠᠨ ᠡᠬᠢᠯᠡᠵᠡᠢ᠃ 1947 ᠣᠨ ᠳᠤ ᠱᠠᠨ ᠰᠢ᠂ ᠴᠠᠬᠠᠷ᠂ ᠿᠾᠸ ᠾᠸ᠂ ᠯᠢᠶᠣᠣᠨᠢᠩ ᠤᠨ ᠴᠡᠷᠢᠭ ᠦᠨ ᠲᠣᠭᠣᠷᠢᠭ ᠤᠨ ᠺᠠᠲᠠᠷ ᠤᠨ ᠰᠤᠷᠭᠠᠭᠤᠯᠢ ᠵᠢᠨ ᠮᠣᠷᠢ ᠲᠦ᠍ ᠴᠡᠷᠢᠭ ᠦᠨ ᠨᠢᠭᠡᠳᠦᠭᠡᠷ ᠠᠩᠭᠢ ᠳᠤ ᠣᠷᠣᠵᠤ᠂ ᠴᠢᠯᠥᠭᠡᠯᠡᠯᠲᠡ ᠵᠢᠨ ᠲᠡᠵᠢᠨ ᠳᠦ ᠣᠷᠣᠯᠴᠠᠵᠤ ᠶᠠᠪᠤᠯ᠎ᠠ᠃ 1954 ᠣᠨ ᠳᠤ ᠵᠡᠭᠦᠨ ᠣᠷᠣᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠲᠦ 《ᠲᠣᠭᠯᠠᠯᠲᠠ ᠵᠢᠨ ᠮᠠᠲ᠋ᠧᠷᠢᠶᠠᠯ》 ᠨᠠᠢᠷᠠᠭᠤᠯᠵᠤ᠂ 1955 ᠣᠨ ᠳᠤ ᠤᠯᠠᠭᠠᠨᠴᠠᠪ ᠠᠢᠮᠠᠭ ᠤᠨ ᠤᠳᠬ᠎ᠠ ᠤᠷᠠᠯᠢᠭ ᠤᠨ ᠬᠣᠯᠪᠣᠭᠠᠨ ᠳᠤ ᠠᠵᠢᠯ ᠰᠢᠯᠵᠢᠵᠤ᠂ ᠰᠡᠭᠦᠯᠡᠷ ᠨᠢ 《ᠦᠪᠥᠷ ᠮᠣᠩᠭᠣᠯ ᠤᠨ ᠤᠷᠠᠨ ᠵᠣᠬᠢᠶᠠᠯ》 ᠰᠡᠳᠬᠦᠯ ᠦᠨ ᠨᠠᠢᠷᠠᠭᠤᠯᠤᠭᠴᠢ ᠪᠣᠯᠪᠠ᠃ ᠳᠤᠮᠳᠠᠳᠤ ᠤᠯᠤᠰ ᠤᠨ ᠵᠣᠬᠢᠶᠠᠯᠴᠢᠳ ᠤᠨ ᠡᠪᠯᠡᠯ ᠦᠨ ᠦᠪᠥᠷ ᠮᠣᠩᠭᠣᠯ ᠳᠠᠬᠢ ᠬᠤᠪᠢᠶᠠᠷᠢ ᠡᠪᠯᠡᠯ ᠪᠠᠢᠭᠤᠯᠤᠭᠳᠠᠭᠰᠠᠨ ᠤ ᠳᠠᠷᠠᠭ᠎ᠠ ᠪᠠᠢᠩᠭᠤ ᠵᠢᠨ ᠬᠡᠷᠡᠭ ᠡᠷᠬᠢᠯᠡᠭᠴᠢ ᠪᠡᠷ ᠠᠵᠢᠯᠯᠠᠭᠰᠠᠨ ᠪᠦᠭᠡᠳ 《ᠦᠨᠢᠷ ᠴᠡᠴᠡᠭ》 ᠰᠡᠳᠬᠦᠯ ᠦᠨ ᠨᠠᠢᠷᠠᠭᠤᠯᠤᠭᠴᠢ ᠪᠠᠷ ᠪᠠᠢᠵᠤ ᠤᠳᠬ᠎ᠠ ᠵᠣᠬᠢᠶᠠᠯ ᠤᠨ ᠰᠢᠨ᠎ᠡ ᠬᠦᠴᠦᠨ ᠢ ᠢᠳᠡᠪᠬᠢᠲᠡᠶ ᠬᠦᠮᠥᠵᠢᠭᠦᠯᠵᠦ᠂ ᠮᠣᠩᠭᠣᠯ ᠤᠷᠠᠨ ᠵᠣᠬᠢᠶᠠᠯ ᠤᠨ ᠰᠡᠳᠬᠦᠯ ᠦᠨ ᠪᠦᠷᠢᠯᠳᠦᠨ ᠪᠣᠢᠵᠢᠬᠤ ᠳᠤ ᠰᠠᠭᠤᠷᠢ ᠲᠠᠯᠪᠢᠵᠠᠶ᠃ 1963 ᠣᠨ ᠠᠴᠠ 1964 ᠣᠨ ᠬᠦᠷᠲᠡᠯ᠎ᠡ ᠦᠪᠥᠷ ᠮᠣᠩᠭᠣᠯ ᠤᠨ ᠶᠡᠬᠡ ᠰᠤᠷᠭᠠᠭᠤᠯᠢ ᠵᠢᠨ ᠤᠳᠬ᠎ᠠ ᠵᠣᠬᠢᠶᠠᠯ ᠰᠤᠳᠤᠯᠬᠤ ᠠᠩᠭᠢ ᠳᠤ ᠰᠤᠷᠤᠯᠴᠠᠵᠤ᠂ 1965 ᠣᠨ ᠳᠤ ᠤᠯᠠᠭᠠᠨᠴᠠᠪ ᠠᠢᠮᠠᠭ ᠤᠨ ᠤᠷᠠᠨ ᠰᠠᠢᠬᠠᠨ ᠤ ᠪᠦᠯᠬᠦᠮ ᠦᠨ ᠵᠣᠬᠢᠶᠠᠨ ᠪᠦᠲᠦᠭᠡᠭᠴᠢ ᠪᠡᠷ ᠠᠵᠢᠯ ᠰᠢᠯᠵᠢᠵᠤ᠂ 1979 ᠣᠨ ᠤ ᠳᠦᠷᠪᠡᠳᠦᠭᠡᠷ ᠰᠠᠷ᠎ᠠ ᠳᠤ ᠤᠯᠠᠭᠠᠨᠴᠠᠪ ᠠᠢᠮᠠᠭ ᠤᠨ ᠲᠠᠪᠤᠳᠤᠭᠠᠷ ᠬᠤᠭᠤᠴᠠᠭᠠᠨ ᠤ ᠤᠯᠤᠰ ᠲᠦᠷᠥ ᠵᠢᠨ ᠵᠦᠪᠯᠡᠯᠭᠡᠨ ᠦ ᠭᠡᠰᠢᠭᠦᠨ ᠢᠶᠡᠷ ᠰᠣᠩᠭᠣᠭᠳᠠᠵᠤ᠂ ᠠᠷᠪᠠᠨ ᠨᠢᠭᠡᠳᠦᠭᠡᠷ ᠰᠠᠷ᠎ᠠ ᠳᠤᠨᠢ ᠳᠦᠷᠪᠡᠳᠦᠭᠡᠷ ᠤᠳᠠᠭᠠᠨ ᠤ ᠪᠦᠬᠥ ᠤᠯᠤᠰ ᠤᠨ ᠤᠳᠬ᠎ᠠ ᠤᠷᠠᠯᠢᠭ ᠤᠨ ᠠᠵᠢᠯᠲᠠᠨ ᠤ ᠲᠦᠯᠥᠭᠡᠯᠡᠭᠴᠢᠳ ᠦᠨ ᠶᠡᠬᠡ ᠬᠤᠷᠠᠯᠳᠤᠭᠠᠨ ᠳᠤ ᠣᠷᠣᠯᠴᠠᠵᠠᠶ᠃ 1980 ᠣᠨ ᠳᠤ ᠡᠪᠡᠳᠴᠵᠢᠨ ᠢᠶᠡᠷ ᠵᠵᠢᠨᠢᠩ ᠳᠦ ᠨᠠᠰᠤ ᠪᠠᠷᠠᠪᠠ᠃
Copyight 2016 by nmgmzw.gov.cn All Rights Reserved