ᠨᠡᠷ᠎ᠡ:
ᠴᠠᠸᠠᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠴᠠᠸᠠᠩ 《1881——1942 ) ᠰᠡᠳᠬᠦᠯᠴᠢ᠂ ᠲᠦᠷᠥ ᠵᠢᠨ ᠵᠢᠳᠬᠦᠯᠲᠡᠨ᠃ ᠪᠤᠷᠢᠶᠠᠳ ᠤᠨ ᠠᠭᠢ ᠵᠢᠨ ᠠᠢᠮᠠᠭ ᠲᠦ᠍ ᠲᠦᠷᠥᠵᠡᠢ᠃ 1892 ᠣᠨ ᠤ ᠴᠢᠲ᠋ᠠ ᠬᠣᠲᠠ ᠵᠢᠨ ᠭᠤᠷᠪᠠᠨ ᠵᠢᠯ ᠦᠨ ᠰᠤᠷᠭᠠᠭᠤᠯᠢ ᠳᠤ ᠣᠷᠣᠵᠤ ᠰᠤᠷᠤᠯᠴᠠᠭᠠᠳ᠂ 1891 ᠣᠨ ᠳᠤ ᠰᠠᠨᠲ ᠫᠧᠲ᠋ᠧᠷᠪᠦᠷᠡᠭ ᠦᠨ ᠳᠤᠮᠳᠠᠳᠤ ᠰᠤᠷᠭᠠᠭᠤᠯᠢ ᠳᠤ ᠪᠠᠭᠰᠢ ᠵᠢᠨ ᠪᠣᠯᠪᠠᠰᠤᠷᠠᠯ ᠲᠡᠭᠦᠰᠬᠡᠪᠡ᠃ 1913 ᠣᠨ ᠳᠤ ᠣᠶᠤᠲᠠᠨ ᠪᠠᠢᠬᠤ ᠳᠠᠭᠠᠨ《 ᠰᠢᠨ᠎ᠡ ᠲᠣᠯᠢ ᠬᠡᠮᠡᠬᠦ ᠪᠢᠴᠢᠭ》 ᠢ ᠡᠷᠬᠢᠯᠡᠨ ᠭᠠᠷᠭᠠᠵᠠᠢ᠃ ᠰᠣᠨᠢᠨ ᠰᠡᠳᠬᠦᠯ ᠦᠨ ᠠᠵᠢᠯ ᠳᠤ ᠣᠷᠣᠯᠴᠠᠵᠤ᠂ 1909 ᠣᠨ ᠳᠤ ᠬᠠᠷᠪᠵᠢᠨ ᠳᠤ ᠬᠡᠪᠯᠡᠵᠦ ᠪᠠᠢᠭᠰᠠᠨ 《ᠮᠣᠩᠭᠣᠯ ᠤᠨ ᠰᠣᠨᠢᠨ ᠪᠢᠴᠢᠭ》 ᠰᠣᠨᠢᠨ ᠤ ᠰᠤᠷᠪᠤᠯᠵᠢᠯᠠᠭᠴᠢ ᠪᠠᠢᠭᠰᠠᠨ ᠪᠦᠭᠡᠳ ᠪᠤᠷᠢᠶᠠᠳ ᠤᠨ ᠬᠦᠳᠡᠭᠡ ᠨᠤᠲᠤᠭ ᠠᠴᠠ ᠠᠷᠠᠳ ᠤᠨ ᠠᠮᠠᠨ ᠵᠣᠬᠢᠶᠠᠯ ᠣᠯᠠᠨ ᠴᠤᠭᠯᠠᠭᠤᠯᠵᠤ᠂ ᠨᠣᠮ ᠤᠨ ᠰᠠᠩ ᠳᠤ ᠰᠤᠳᠤᠯᠭᠠᠨ ᠤ ᠠᠵᠢᠯ ᠬᠢᠵᠠᠶ᠃ 1911 ᠣᠨ ᠳᠤ ᠮᠣᠩᠭᠣᠯ ᠳᠤ ᠲᠤᠰᠠᠭᠠᠷ ᠲᠣᠭᠲᠠᠨᠢᠯ ᠤᠨ ᠬᠦᠳᠡᠯᠭᠡᠭᠡᠨ ᠭᠠᠷᠬᠤ ᠳᠤ ᠶᠠᠮ ᠤᠨ ᠤ ᠰᠣᠶᠣᠯ ᠰᠤᠷᠭᠠᠭᠤᠯᠢ ᠬᠠᠷᠢᠭᠤᠴᠠᠭᠰᠠᠨ ᠲᠦᠰᠢᠮᠡᠯ ᠪᠣᠯᠵᠠᠢ᠃ 《ᠠᠷᠠᠳ ᠠᠯᠪᠠᠲᠠᠨ ᠤ ᠮᠤᠩᠬᠠᠭ ᠬᠠᠷᠠᠩᠭᠤᠶ ᠶᠢ ᠭᠡᠢᠭᠦᠯᠬᠦ》 ᠬᠡᠮᠡᠨ ᠠᠮᠠᠯᠠᠵᠤ᠂ ᠪᠡᠶ᠎ᠡ ᠪᠡᠷ ᠢᠶᠡᠨ ᠲᠡᠷᠢᠭᠦᠯᠡᠨ ᠰᠤᠷᠭᠠᠭᠤᠯᠢ ᠬᠢᠴᠢᠶᠡᠯ ᠠᠳᠬᠤᠵᠤ᠂ ᠪᠠᠢᠭᠠᠯᠢ ᠵᠢᠨ ᠰᠵᠢᠨᠵᠢᠯᠡᠭᠡᠨ ᠦ ᠰᠤᠷᠬᠤ ᠪᠢᠴᠢᠭ ᠵᠣᠬᠢᠶᠠᠨ ᠨᠠᠢᠷᠠᠭᠤᠯᠵᠤ 13 ᠳᠡᠪᠲᠡᠷ ᠬᠡᠪᠯᠡᠨ ᠲᠠᠷᠬᠠᠭᠠᠵᠠᠢ᠃ ᠲᠡᠷᠡ ᠪᠡᠷ ᠮᠣᠩᠭᠣᠯ ᠤᠨ ᠲᠣᠭᠲᠠᠮᠠᠯ ᠬᠡᠪᠯᠡᠯ ᠢ ᠡᠭᠦᠳᠦᠨ ᠪᠠᠢᠭᠤᠯᠵᠤ᠂ ᠨᠣᠮ ᠪᠢᠴᠢᠭ ᠬᠡᠪᠯᠡᠬᠦ ᠦᠢᠯᠡᠳᠪᠦᠷᠢ ᠪᠠᠢᠭᠤᠯᠬᠤ ᠰᠠᠨᠠᠭᠤᠯᠭ᠎ᠠ ᠭᠠᠷᠭᠠᠵᠤ᠂ ᠠᠩᠬᠠᠨ ᠤ ᠡᠸᠦᠷᠦᠫᠡ ᠮᠠᠶᠢᠭ ᠤᠨ ᠬᠡᠪᠯᠡᠬᠦ ᠦᠢᠯᠡᠳᠪᠦᠷᠢ ᠵᠢᠨ ᠰᠠᠭᠤᠷᠢ ᠶᠢ ᠲᠠᠯᠪᠢᠵᠠᠶ᠃ 1921 ᠣᠨ ᠳᠤ ᠮᠣᠩᠭᠣᠯ ᠤᠯᠤᠰ ᠤᠨ ᠰᠤᠳᠤᠷ ᠤᠨ ᠬᠦᠷᠢᠶᠡᠯᠡᠩ ᠪᠠᠢᠭᠤᠯᠬᠤ ᠳᠤ ᠲᠡᠷᠡ ᠠ᠋? . ᠵᠢᠮᠢᠶᠠᠨ ᠤ ᠬᠠᠮᠲᠤ ᠲᠡᠷᠢᠭᠦᠯᠡᠨ ᠣᠷᠣᠯᠴᠠᠵᠤ᠂ 1932 ᠣᠨ ᠪᠣᠯᠲᠠᠯ᠎ᠠ ᠰᠤᠳᠤᠷ ᠤᠨ ᠬᠦᠷᠢᠶᠡᠯᠡᠩ ᠳᠦ ᠠᠵᠢᠯᠯᠠᠨ᠂ ᠤᠯᠤᠰ ᠤᠨ ᠨᠣᠮ ᠤᠨ ᠰᠠᠩ ᠤᠨ ᠮᠦᠽᠧᠶ ᠪᠠᠢᠭᠤᠯᠬᠤ ᠳᠤ ᠴᠤ ᠬᠦᠴᠦᠨ ᠭᠠᠷᠭᠠᠵᠠᠢ᠃ ᠮᠠᠭᠰᠠᠷ ᠤᠨ ᠬᠤᠷᠴᠠ ᠵᠢᠨ ᠬᠠᠮᠲᠤ 《ᠵᠠᠷᠯᠢᠭ ᠢᠶᠠᠷ ᠲᠣᠭᠲᠠᠭᠠᠭᠰᠠᠨ ᠮᠣᠩᠭᠣᠯ ᠤᠯᠤᠰ ᠤᠨ ᠬᠠᠤᠯᠢ ᠵᠦᠢᠯ ᠦᠨ ᠪᠢᠴᠢᠭ》 ᠬᠡᠮᠡᠬᠦ ᠬᠠᠤᠯᠢ ᠪᠢᠴᠢᠭ ᠵᠣᠬᠢᠶᠠᠵᠠᠶ᠃ 1934 ᠣᠨ ᠳᠤ 《ᠣᠢᠷᠠᠳ᠂ ᠮᠢᠩᠭᠠᠳ᠂ ᠵᠠᠭᠴᠵᠢᠨ᠂ ᠲᠣᠷᠭᠤᠳ᠂ ᠬᠣᠰ᠌ᠤᠳ᠂ ᠴᠠᠬᠠᠷ᠂ ᠬᠠᠰᠠᠭ ᠶᠠᠰᠤᠲᠠᠨ ᠨᠤᠭᠤᠳ ᠤᠨ ᠠᠵᠤ ᠲᠦᠷᠥᠯ》 ᠬᠡᠮᠡᠬᠦ ᠨᠣᠮ ᠢ ᠲᠤᠭᠤᠷᠪᠢᠨ ᠬᠡᠪᠯᠡᠭᠦᠯᠵᠡᠢ᠃ ᠰᠡᠳᠬᠦᠯ ᠵᠦᠶ ᠵᠢᠨ ᠰᠤᠳᠤᠯᠤᠭᠴᠢ ? . ᠨᠣᠷᠪᠣᠰᠣᠶᠷᠣᠩ 《ᠮᠣᠩᠭᠣᠯ ᠤᠨ ᠲᠣᠭᠲᠠᠮᠠᠯ ᠬᠡᠪᠯᠡᠯ ᠦᠨ ᠲᠡᠦᠬᠡᠨ ᠲᠣᠢᠮᠣ》 ( 1999 ) ᠭᠡᠬᠦ ᠨᠣᠮ ᠳᠠᠭᠠᠨ 《ᠴᠠᠸᠠᠩ ᠪᠣᠯ ᠮᠣᠩᠭᠣᠯ ᠳᠠᠬᠢ ᠴᠢᠯᠥᠭᠡᠲᠦ ᠰᠡᠳᠬᠦᠯ ᠵᠦᠶ ᠵᠢᠨ ᠦᠨᠳᠦᠰᠦᠯᠡᠭᠴᠢ ᠮᠦᠨ》 ᠭᠡᠵᠦ ᠳᠤᠷᠠᠳᠴᠠᠶ᠃
Copyight 2016 by nmgmzw.gov.cn All Rights Reserved