ᠨᠡᠷ᠎ᠡ:
ᠴᠠᠷᠠᠩᠳᠠᠪᠬᠠ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠴᠠᠷᠠᠩᠳᠠᠪᠬᠠ᠂ ( 1922 ~ 1996 ) ᠰᠡᠳᠬᠦᠯᠴᠢ᠂ ᠨᠢᠰᠦᠭᠴᠢ᠃ ᠮᠣᠩᠭᠣᠯ ᠤᠯᠤᠰ ᠤᠨ ᠰᠡᠯᠡᠩᠭᠡ ᠠᠢᠮᠠᠭ ᠤᠨ ᠬᠣᠰᠢᠶ᠎ᠠ ᠲᠦ᠍ ᠰᠤᠮᠤ ᠵᠢᠨ ᠨᠤᠲᠤᠭ ᠲᠦ᠍ ᠲᠦᠷᠥᠵᠡᠢ᠃ 1947 ᠣᠨ ᠳᠤ ᠴᠡᠷᠢᠭ ᠦᠨ ᠪᠣᠯᠪᠠᠰᠤᠷᠠᠯ ᠢ ᠳᠠᠮᠵᠢᠵᠤ ᠨᠢᠰᠦᠭᠴᠢ ᠪᠠᠢᠭᠠᠳ 1950 ᠣᠨ ᠳᠤ ᠰᠡᠳᠬᠦᠯᠴᠢ ᠵᠢᠨ ᠠᠵᠢᠯ ᠳᠤ ᠰᠢᠯᠵᠢᠵᠤ᠂ ᠮᠡᠳᠡᠭᠡᠯᠡᠯ ᠷᠠᠳᠢᠣ᠋ ᠤᠯᠤᠰ ᠤᠨ ᠬᠤᠷᠢᠶᠠᠨ ᠤ ᠶᠡᠷᠦᠩᠬᠡᠶ ᠷᠸᠳᠠᠺᠲ᠋ᠤᠷ᠂ ᠣᠷᠣᠯᠠᠭᠴᠢ ᠳᠠᠷᠤᠭ᠎ᠠ ᠵᠢᠨ ᠲᠤᠰᠢᠶᠠᠯ ᠳᠤ ᠭᠠᠷᠪᠠ᠃ ᠳᠠᠷᠠᠭ᠎ᠠ ᠨᠢ 《ᠨᠣᠪᠢᠰᠲ ᠮᠣᠩᠭᠤᠯᠢ》 ( ᠮᠣᠩᠭᠣᠯ ᠤᠨ ᠰᠣᠨᠢᠨ ) ᠬᠡᠮᠡᠬᠦ ᠣᠷᠣᠰ ᠰᠣᠨᠢᠨ ᠳᠤ ᠡᠷᠬᠢᠯᠡᠭᠴᠢ ᠪᠣᠯᠵᠤ᠂ 1957 ᠣᠨ ᠳᠤ 《ᠦᠨᠡᠨ》 ᠰᠣᠨᠢᠨ ᠤ ᠮᠣᠰᠺᠸᠠ ᠳᠤ ᠰᠠᠭᠤᠬᠤ ᠠᠩᠬᠠᠨ ᠤ ᠰᠤᠷᠪᠤᠯᠵᠢᠯᠠᠭᠴᠢ ᠪᠠᠷ ᠲᠣᠮᠢᠯᠠᠭᠳᠠᠪᠠ᠃ 1962 ᠣᠨ ᠳᠤ ᠤᠯᠤᠰ ᠲᠠᠭᠠᠨ ᠪᠤᠴᠠᠵᠤ 《ᠦᠨᠡᠨ》 ᠰᠣᠨᠢᠨ ᠤ ᠰᠤᠷᠪᠤᠯᠵᠢᠯᠠᠬᠤ ᠬᠡᠯᠲᠡᠰ ᠦᠨ ᠡᠷᠬᠢᠯᠡᠭᠴᠢ ᠪᠣᠯᠵᠠᠢ᠃ ᠲᠡᠷᠡ ᠤᠳᠠᠭᠠᠨ ᠵᠢᠯ ᠦᠨ ᠰᠣᠨᠢᠨ ᠮᠡᠳᠡᠭᠡᠯᠡᠯ ᠦᠨ ᠠᠵᠢᠯ ᠤᠨ ᠲᠦ᠍ᠷᠰᠢᠯᠭ᠎ᠠ ᠪᠠᠨ ᠦᠨᠳᠦᠰᠦᠯᠡᠵᠦ 《 ᠰᠣᠨᠢᠨ ᠪᠣᠯ ᠬᠠᠮᠲᠤ ᠵᠢᠨ ᠵᠣᠬᠢᠶᠠᠨ ᠪᠠᠢᠭᠤᠯᠤᠭᠴᠢ》 ᠬᠡᠮᠡᠬᠦ ᠨᠣᠮ ᠲᠤᠭᠤᠷᠪᠢᠨ ᠬᠡᠪᠯᠡᠭᠦᠯᠦᠭᠰᠡᠨ ᠪᠠᠵᠢᠨ᠎ᠠ᠃ ᠲᠡᠭᠦᠨ ᠦ ᠬᠦᠳᠡᠯᠮᠦᠷᠢ ᠵᠢᠨ ᠪᠦᠲᠦᠭᠡᠯ ᠢ ᠦᠨᠡᠯᠡᠵᠦ᠂ 1980 ᠣᠨ ᠳᠤ ᠬᠦᠳᠡᠯᠮᠦᠷᠢ ᠵᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠲᠣᠰ ᠲᠣᠰ ᠰ᠌ᠠᠩᠨᠠᠵᠤ᠂ 1982 ᠣᠨ ᠳᠤ ᠰᠣᠶᠣᠯ ᠤᠨ ᠭᠠᠪᠢᠶ᠎ᠠ ᠲᠦ᠍ ᠵᠢᠳᠬᠦᠯᠲᠡᠨ ᠦ ᠴᠣᠯᠠ ᠣᠯᠭᠤᠵᠠᠢ᠃
Copyight 2016 by nmgmzw.gov.cn All Rights Reserved