ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠡᠴᠡᠭ ᠴᠢᠯᠠᠭᠤᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠡᠴᠡᠭ ᠴᠢᠯᠠᠭᠤᠨ ( 1955~ ) ᠡᠮᠡᠭᠲᠡᠶ᠂ ᠰᠡᠳᠬᠦᠯᠴᠢ᠃ ᠮᠣᠩᠭᠣᠯ ᠤᠯᠤᠰ  ᠤᠨ ᠬᠣᠪᠳᠣ ᠠᠢᠮᠠᠭ ᠤᠨ ᠳᠠᠷᠪᠢ ᠰᠤᠮᠤ  ᠵᠢᠨ ᠨᠤᠲᠤᠭ    ᠲᠦ᠍ ᠲᠦᠷᠥᠵᠡᠢ᠃ 1979 ᠣᠨ ᠳᠤ ᠵᠦᠪᠯᠡᠯᠲᠦ  ᠵᠢᠨ ᠡᠷᠬᠡᠦ ᠬᠣᠲᠠ  ᠵᠢᠨ ᠶᠡᠬᠡ ᠰᠤᠷᠭᠠᠭᠤᠯᠢ ᠳᠤ ᠰᠡᠳᠬᠦᠯᠴᠢ  ᠵᠢᠨ ᠲᠤᠰᠭᠠᠢ ᠮᠡᠷᠭᠡᠵᠢᠯ ᠲᠡᠭᠦᠰᠬᠡᠵᠦ 《 ᠤᠯᠠᠭᠠᠨᠪᠠᠭᠠᠲᠤᠷ  ᠤᠨ ᠮᠡᠳᠡᠭᠡ》 ᠣᠨᠵᠢᠨ  ᠳᠤ ᠠᠵᠢᠯᠯᠠᠵᠠᠶ᠃ 1994 ᠣᠨ ᠳᠤ 《ᠠᠷᠠᠳ  ᠤᠨ ᠡᠷᠬᠡ》 ᠣᠨᠵᠢᠨ ᠤ ᠰᠤᠷᠪᠤᠯᠵᠢᠯᠠᠬᠤ ᠳᠠᠷᠤᠭ᠎ᠠ ᠪᠣᠯᠪᠠ᠃ 1997 ~ 1999 ᠣᠨ ᠪᠣᠯᠲᠠᠯ᠎ᠠ《ᠵᠠᠰᠠᠭ  ᠤᠨ ᠭᠠᠵᠠᠷ  ᠤᠨ ᠮᠡᠳᠡᠭᠡ》 ᠰᠣᠨᠢᠨ ᠤ ᠨᠠᠷᠢᠨ ᠪᠢᠴᠢᠭ ᠦᠨ ᠳᠠᠷᠤᠭ᠎ᠠ  ᠵᠢᠨ ᠲᠤᠰᠢᠶᠠᠯ ᠳᠤ ᠭᠠᠷᠪᠠ᠃ ᠴᠠᠭ ᠦᠶ᠎ᠡ ᠶᠢ ᠣᠯᠣᠭᠰᠠᠨ ᠬᠤᠷᠴᠠ ᠮᠡᠳᠡᠭᠡᠯᠡᠯ ᠨᠡᠢᠲᠡᠯᠡᠯ ᠢ ᠲᠡᠷᠡ ᠣᠯᠠᠨ ᠪᠢᠴᠢᠵᠤ ᠰᠡᠳᠭᠦᠯᠴᠢᠳ ᠦᠨ ᠳᠤᠮᠳᠠ ᠨᠡᠷ᠎ᠡ ᠭᠠᠷᠴᠠᠢ᠃  ᠲᠦ᠍ᠬᠠᠢᠯᠠᠪᠠᠯ ᠬᠦᠮᠦᠰ ᠦᠨ ᠠᠩᠬᠠᠷᠤᠯ ᠢ ᠲᠠᠲᠠᠵᠤ ᠪᠠᠢᠭᠰᠠᠨ ᠡᠷᠳᠡᠨᠢᠲᠦ ᠠᠭᠤᠯᠠᠨ ᠤ ᠦᠢᠯᠡᠳᠪᠦᠷᠢ  ᠵᠢᠨ  ᠲᠤᠰᠭᠠᠢ ᠪᠢᠴᠢᠭᠰᠡᠨ 《ᠮᠣᠩᠭᠣᠯ ᠳᠤ ᠫᠧᠨᠢᠴᠤᠲ ᠠᠴᠠ ᠢᠯᠡᠭᠦᠦ ᠬᠦᠷᠥᠩᠭᠡ ᠣᠷᠣᠭᠤᠯᠬᠤ ᠬᠦᠮᠦᠨ ᠭᠠᠷᠤᠯ᠎ᠠ ᠭᠡᠵᠦ ᠨᠠᠢᠳᠠᠵᠤ ᠰᠠᠭᠤᠬᠤ ᠤᠤ?》《ᠠᠷᠠᠳ  ᠤᠨ ᠡᠷᠬᠡ》 1996 )᠂ ᠦᠮᠴᠢ ᠬᠤᠪᠵᠢᠨᠴᠢᠯᠠᠭᠰᠠᠨ  ᠲᠤᠰᠭᠠᠢ ᠪᠢᠴᠢᠭᠰᠡᠨ 《ᠳᠡᠯᠡᠬᠡᠶ  ᠵᠢᠨ ᠲᠣᠮᠣᠴᠤᠤᠯ ᠲᠠᠢ 《ᠬᠣᠲᠠ ᠤᠷᠤᠭ》 ᠪᠣᠯᠵᠤ ᠴᠢᠳᠠᠪᠠᠯ ᠮᠤᠬᠤᠭᠳᠠᠬᠤ ᠦᠬᠡᠶ ᠶᠤᠮ》 ( 《ᠠᠷᠠᠳ  ᠤᠨ ᠡᠷᠬᠡ》 1998 ) ᠵᠢᠴᠢ ᠤᠯᠠᠭᠠᠨᠪᠠᠭᠠᠲᠤᠷ ᠬᠣᠲᠠ  ᠵᠢᠨ ᠠᠵᠤ ᠠᠬᠤᠶ  ᠵᠢᠨ  ᠲᠤᠰᠭᠠᠢ᠂ ᠬᠣᠲᠠ ᠪᠠᠢᠭᠤᠯᠤᠯᠲᠠ  ᠵᠢᠨ  ᠲᠤᠰᠭᠠᠢ᠂ ᠠᠷᠢᠭ ᠤᠨ ᠴᠡᠪᠡᠷ ᠦᠨ  ᠲᠤᠰᠭᠠᠢ ᠣᠯᠠᠨ ᠮᠡᠳᠡᠭᠡᠯᠡᠯ ᠪᠢᠴᠢᠭᠰᠡᠨ ᠪᠠᠵᠢᠨ᠎ᠠ᠃