ᠨᠡᠷ᠎ᠡ:
ᠴᠡᠩᠭᠡᠯᠲᠡᠶ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠴᠡᠩᠭᠡᠯᠲᠡᠶ ( 1924~ ) 《ᠦᠪᠥᠷ ᠮᠣᠩᠭᠣᠯ ᠤᠨ ᠶᠡᠬᠡ ᠰᠤᠷᠭᠠᠭᠤᠯᠢ ᠵᠢᠨ ᠡᠷᠳᠡᠮ ᠰᠵᠢᠨᠵᠢᠯᠡᠭᠡᠨ ᠦ ᠰᠡᠳᠬᠦᠯ》 ᠢ ᠡᠭᠦᠰᠬᠡᠨ ᠡᠷᠬᠢᠯᠡᠭᠰᠡᠨ ᠨᠠᠢᠷᠠᠭᠤᠯᠤᠭᠴᠢ᠂ ᠫᠷᠣᠹᠧᠰᠰᠣᠷ᠃ ᠦᠪᠥᠷ ᠮᠣᠩᠭᠣᠯ ᠤᠨ ᠵᠣᠣ ᠤᠳᠠ ᠠᠢᠮᠠᠭ ᠤᠨ ᠬᠠᠷᠠᠴᠵᠢᠨ ᠳᠤᠮᠳᠠᠳᠤ ᠬᠣᠰᠢᠭᠤᠨᠨ ᠳᠤ ᠲᠦᠷᠥᠵᠡᠢ᠃ 1940 ᠣᠨ ᠳᠤ ᠭᠦᠶᠰᠦᠶ 《ᠣᠲᠣ ᠵᠢᠨ ᠬᠦᠭᠬᠠᠤᠳᠠ ) ᠵᠢᠨ ᠮᠣᠩᠭᠣᠯ ᠰᠤᠷᠤᠯᠭ᠎ᠠ ᠵᠢᠨ ᠬᠣᠷᠢᠶ᠎ᠠ ᠠᠴᠠ ᠰᠤᠷᠤᠯᠭ᠎ᠠ ᠲᠡᠭᠦᠰᠴᠦ᠂ 1941——.1945 ᠣᠨ ᠤ ᠬᠣᠭᠣᠷᠣᠨᠳᠣ ᠶᠠᠫᠣᠨ ᠳᠤ ᠰᠤᠷᠤᠯᠴᠠᠪᠠ᠃ 1946 ᠣᠨ ᠠᠴᠠ ᠡᠳᠦᠭᠡ ᠪᠣᠯᠲᠠᠯ᠎ᠠ ᠰᠤᠷᠭᠠᠨ ᠬᠦᠮᠦᠵᠢᠯ ᠡᠷᠳᠡᠮ ᠰᠵᠢᠨᠵᠢᠯᠡᠭᠡᠨ ᠦ ᠦᠢᠯᠡᠰ ᠲᠦ ᠵᠢᠳᠬᠦᠵᠦ ᠶᠠᠪᠤᠯ᠎ᠠ᠃ ᠲᠡᠷᠡ ᠦᠪᠥᠷ ᠮᠣᠩᠭᠣᠯ ᠤᠨ ᠶᠡᠬᠡ ᠰᠤᠷᠭᠠᠭᠤᠯᠢ ᠵᠢᠨ ᠮᠣᠩᠭᠣᠯ ᠬᠡᠯᠡ ᠤᠳᠬ᠎ᠠ ᠵᠣᠬᠢᠶᠠᠯ ᠤᠨ ᠰᠠᠯᠪᠤᠷᠢ ᠶᠢ ᠡᠭᠦᠰᠬᠡᠨ ᠪᠠᠢᠭᠤᠯᠵᠠᠢ᠃ ᠦᠪᠥᠷ ᠮᠣᠩᠭᠣᠯ ᠤᠨ ᠶᠡᠬᠡ ᠰᠤᠷᠭᠠᠭᠤᠯᠢ ᠵᠢᠨ ᠤᠤᠯ ᠤᠨ ᠳᠡᠳ᠋ ᠵᠠᠬᠢᠷᠤᠯ᠂ ᠳ᠋ᠣᠺᠲ᠋ᠤᠷᠠᠨᠲ ᠤᠨ ᠵᠢᠯᠣᠭᠣᠳᠣᠭᠴᠢ ᠪᠠᠭᠰᠢ᠂ ᠳᠤᠮᠳᠠᠳᠤ ᠤᠯᠤᠰ ᠤᠨ ᠦᠨᠳᠦᠰᠦᠲᠡᠨ ᠦ ᠬᠡᠯᠡ ᠰᠵᠢᠨᠵᠢᠯᠡᠭᠡᠨ ᠦ ᠨᠡᠢᠭᠡᠮᠯᠢᠭ ᠦᠨ ᠳᠡᠳ᠋ ᠳᠠᠷᠤᠭ᠎ᠠ᠂ ᠣᠯᠠᠨ ᠤᠯᠤᠰ ᠤᠨ ᠮᠣᠩᠭᠣᠯ ᠰᠤᠳᠤᠯᠤᠯ ᠤᠨ ᠬᠣᠯᠪᠣᠭᠠᠨ ᠤ ᠳᠡᠳ᠋ ᠲᠡᠷᠢᠭᠦᠯᠡᠭᠴᠢ ᠵᠡᠷᠭᠡ ᠲᠤᠰᠢᠶᠠᠯ ᠳᠤ ᠪᠠᠢᠪᠠ᠃ ᠬᠡᠪᠯᠡᠭᠦᠯᠦᠭᠰᠡᠨ ᠭᠣᠣᠯ ᠨᠣᠮ ᠤᠳ᠄ 《ᠮᠣᠩᠭᠣᠯ ᠬᠡᠯᠡᠨ ᠦ ᠵᠦᠶ》 ( 1949 ᠣᠨ )᠂ 《ᠣᠲᠣ ᠦᠶ᠎ᠡ ᠵᠢᠨ ᠮᠣᠩᠭᠣᠯ ᠬᠡᠯᠡᠨ ᠦ ᠵᠦᠶ》 ( 1979 ᠣᠨ )᠂ 《ᠬᠢᠳᠠᠨ ᠪᠠᠭ᠎ᠠ ᠦᠰᠥᠭ ᠦᠨ ᠰᠤᠳᠤᠯᠤᠯ》 ( ᠬᠠᠮᠲᠤ ᠵᠢᠨ ᠪᠦᠲᠦᠭᠡᠯ 1985 ᠣᠨ᠂ ᠬᠢᠲᠠᠳ ᠬᠡᠪᠯᠡᠯ )᠂ 《ᠮᠣᠩᠭᠣᠷ ᠬᠡᠯᠡ ᠪᠠ ᠮᠣᠩᠭᠣᠯ ᠬᠡᠯᠡ》 ( 1991 ᠣᠨ᠂ ᠬᠢᠲᠠᠳ ᠬᠡᠪᠯᠡᠯ )᠂ 《ᠮᠣᠩᠭᠣᠯ ᠬᠡᠯᠡᠨ ᠦ ᠵᠦᠶ》 ( 1991 ᠣᠨ᠂ ᠬᠢᠲᠠᠳ ᠬᠡᠪᠯᠡᠯ ) ᠵᠡᠷᠭᠡ ᠪᠣᠶ᠃ ᠨᠡᠢᠲᠡᠯᠡᠭᠦᠯᠦᠭᠰᠡᠨ ᠭᠣᠣᠯ ᠦᠭᠦᠯᠡᠯ ᠦᠳ᠄ 《ᠳᠤᠮᠳᠠᠳᠤ ᠤᠯᠤᠰ ᠲᠠᠬᠢ ᠮᠣᠩᠭᠣᠯ ᠲᠦᠷᠥᠯ ᠦᠨ ᠬᠡᠯᠡ ᠨᠦᠭᠦᠳ ᠪᠠ ᠮᠣᠩᠭᠣᠯ ᠬᠡᠯᠡᠨ ᠦ ᠠᠶᠠᠯᠭᠤ ᠨᠤᠭᠤᠳ ᠤᠨ ᠶᠡᠷᠦᠩᠬᠡᠶ ᠪᠠᠢᠳᠠᠯ》᠂ 《ᠮᠣᠩᠭᠣᠯ ᠬᠡᠯᠡᠨ ᠦ ᠦᠢᠯᠡ ᠦᠭᠡ ᠵᠢᠨ ᠲᠤᠰᠭᠠᠢ》᠂ 《ᠮᠣᠩᠭᠣᠯ ᠬᠡᠯᠡᠨ ᠦ ᠠᠪᠵᠢᠨ? ᠤ ᠰᠢᠰᠲ᠋ᠧᠮ》᠂ 《ᠮᠣᠩᠭᠣᠯ ᠬᠡᠯᠡᠨ ᠦ ᠲᠦ᠍ᠰᠠᠯᠠᠬᠤ ᠦᠢᠯᠡ ᠦᠭᠡ ᠵᠢᠨ ᠲᠤᠰᠭᠠᠢ》᠂ 《ᠡᠭᠡᠰᠢᠭ ᠵᠣᠬᠢᠴᠠᠬᠤ ᠶᠣᠰᠣᠨ ᠤ ᠲᠤᠰᠭᠠᠢ》᠂ 《ᠮᠣᠩᠭᠣᠷ ᠬᠡᠯᠡᠨ ᠦ ᠦᠢᠯᠡ ᠦᠭᠡ ᠵᠢᠨ ᠣᠨᠴᠠᠯᠢᠭ》᠂ 《ᠮᠠᠨᠵᠤ ᠮᠣᠩᠭᠣᠯ ᠬᠡᠯᠡᠨ ᠦ ᠦᠢᠯᠡ ᠦᠭᠡ ᠵᠢᠨ ᠲᠣᠭᠠᠴᠵᠢᠨ ᠦᠭᠦᠯᠡᠬᠦ ᠲᠦᠯᠥᠪ ᠦᠨ ᠲᠤᠰᠭᠠᠢ》᠂ 《ᠮᠠᠨᠵᠤ ᠬᠡᠯᠡᠨ ᠦ ᠶᠠᠷᠢᠶᠠᠨ ᠤ ᠬᠡᠯᠡᠨ ᠦ ᠠᠪᠢᠶ᠎ᠠ》᠂ 《ᠬᠢᠳᠠᠨ ᠬᠡᠯᠡᠨ ᠦ ᠦᠢᠯᠡ ᠦᠭᠡ ᠵᠢᠨ ᠲᠠᠭᠠᠪᠤᠷᠢ ᠵᠢᠨ ᠲᠤᠰᠭᠠᠢ》 ᠵᠡᠷᠭᠡ 60 ᠭᠠᠷᠤᠶ ᠪᠣᠶ᠃ ᠵᠠᠷᠢᠮ ᠦᠭᠦᠯᠡᠯ ᠢ ᠨᠢ ᠠᠩᠭᠯᠢ᠂ ᠶᠠᠫᠣᠨ᠂ ᠰᠣᠯᠣᠩᠭᠣᠰ ᠵᠡᠷᠭᠡ ᠬᠡᠯᠡ ᠪᠡᠷ ᠤᠯᠤᠰ ᠤᠨ ᠳᠣᠲᠣᠭᠠᠳᠤ ᠭᠠᠳᠠᠭᠠᠳᠤ ᠳᠤ ᠨᠠᠢᠳᠠᠯᠠᠭᠳᠠᠪᠠ᠃
Copyight 2016 by nmgmzw.gov.cn All Rights Reserved