ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠠᠲᠠᠨᠳᠠᠮᠪᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠠᠲᠠᠨᠳᠠᠮᠪᠠ ( 1932~ ) ᠰᠡᠳᠬᠦᠯᠴᠢ ᠵᠣᠬᠢᠶᠠᠯᠴᠢ᠃ ᠮᠣᠩᠭᠣᠯ ᠤᠯᠤᠰ  ᠤᠨ ᠬᠡᠨᠲᠡᠶ ᠠᠢᠮᠠᠭ  ᠤᠨ ᠲᠠᠲᠠᠯ ᠰᠤᠮᠤ  ᠵᠢᠨ ᠨᠤᠲᠤᠭ    ᠲᠦ᠍ ᠲᠦᠷᠥᠵᠡᠢ᠃ 1964 ᠣᠨ ᠳᠤ ᠮᠣᠩᠭᠣᠯ ᠤᠯᠤᠰ  ᠤᠨ ᠶᠡᠬᠡ ᠰᠤᠷᠭᠠᠭᠤᠯᠢ  ᠵᠢᠨ ᠤᠳᠬ᠎ᠠ ᠵᠣᠬᠢᠶᠠᠯ  ᠤᠨ ᠳᠡᠭᠡᠳᠦ ᠰᠤᠷᠭᠠᠭᠤᠯᠢ  ᠵᠢᠨ ᠣᠷᠣᠶ  ᠵᠢᠨ ᠠᠩᠭᠢ ᠶᠢ ᠲᠡᠭᠦᠰᠬᠡᠪᠡ᠃ 1960~ 1964 ᠣᠨ ᠪᠣᠯᠲᠠᠯ᠎ᠠ 《ᠤᠳᠬ᠎ᠠ ᠵᠣᠬᠢᠶᠠᠯ》 ᠰᠣᠨᠵᠢᠨ ᠳᠤ ᠠᠵᠢᠯᠯᠠᠵᠤ᠂ 1964~ 1999 ᠣᠨ ᠪᠣᠯᠲᠠᠯ᠎ᠠ ᠮᠣᠩᠭᠣᠯ ᠤᠯᠤᠰ  ᠤᠨ ᠷᠠᠳᠢᠣ᠋ ᠬᠤᠷᠢᠶᠠᠨ ᠤ ᠰᠤᠷᠪᠤᠯᠵᠢᠯᠠᠭᠴᠢ ᠪᠠᠷ ᠶᠠᠪᠤᠵᠠᠢ᠃ ᠲᠡᠷᠡ ᠬᠦᠳᠡᠭᠡ ᠠᠵᠤ ᠠᠬᠤᠶ᠂ ᠭᠠᠵᠠᠷ ᠲᠠᠷᠢᠶᠠᠯᠠᠩ  ᠤᠨ ᠤᠷᠭᠤᠴᠠ  ᠵᠢᠨ  ᠲᠤᠰᠭᠠᠢ ᠣᠯᠠᠨ ᠰᠣᠨᠵᠢᠨ ᠮᠡᠳᠡᠭᠡ ᠪᠢᠴᠢᠵᠤ ᠨᠡᠷ᠎ᠡ ᠭᠠᠷᠤᠭᠰᠠᠨ ᠰᠡᠳᠬᠦᠯᠴᠢ ᠪᠢᠯᠡ᠃ ᠪᠡᠶ᠎ᠡ ᠪᠡᠷ ᠢᠶᠡᠨ ᠷᠠᠳᠢᠣ᠋ ᠰᠤᠷᠪᠤᠯᠵᠢᠯᠠᠭ᠎ᠠ ᠬᠢᠵᠦ᠂ ᠬᠠᠮ ᠬᠣᠭᠣᠯᠠᠶ ᠪᠠᠷ ᠰᠢᠭᠤᠳ ᠨᠡᠪᠲᠡᠷᠡᠭᠦᠯᠭᠡ ᠣᠯᠠᠨ ᠬᠢᠭᠰᠡᠨ ᠡᠴᠡ 《ᠷᠠᠳᠢᠣ᠋ ᠪᠦᠳᠦᠭᠦᠨ ᠳᠠᠭᠤ   ᠲᠦ᠍》 ᠬᠡᠮᠡᠨ ᠠᠯᠳᠠᠷᠰᠢᠵᠤ ᠰᠣᠨᠣᠰᠣᠭᠴᠢᠳ  ᠤᠨ ᠲᠠᠭᠠᠰᠢᠶᠠᠯ ᠢ ᠣᠯᠵᠠᠢ᠃ ᠲᠡᠷᠡ ᠪᠠᠰᠠ 《ᠠᠯᠲᠠᠨ ᠦᠯᠥᠭᠡᠶ》 ( 1958 )᠂ 《ᠮᠣᠩᠭᠣᠯ  ᠤᠨ ᠲᠩᠷᠢ ᠳᠣᠣᠷ᠎ᠠ》 ( 1962 )᠂ 《ᠮᠣᠳᠣᠨ ᠤ ᠬᠡ》 ( 1969 )᠂ 《ᠠᠷᠪᠠᠨ ᠬᠣᠶᠠᠷ ᠦᠩᠭᠡ》 ( 1975 ) ᠵᠡᠷᠭᠡ ᠰᠢᠯᠦᠭ ᠨᠠᠢᠷᠠᠭᠤᠯᠤᠯ  ᠤᠨ ᠨᠣᠮ ᠬᠡᠪᠯᠡᠭᠦᠯᠵᠡᠢ᠃ ᠵᠣᠬᠢᠶᠠᠯ ᠪᠦᠲᠦᠭᠡᠯ ᠷᠠᠳᠢᠣ᠋ ᠵᠢᠳᠬᠦᠯ ᠢᠶᠡᠷ ᠢᠶᠡᠨ ᠰᠦᠬᠡᠪᠠᠭᠠᠳᠤᠷ ᠦᠨ ᠣᠳᠣᠨ ᠱᠠᠩᠨᠠᠯ ᠬᠦᠷᠲᠡᠵᠡᠶ᠃