ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠠᠭᠳᠠᠷ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠠᠭᠳᠠᠷ᠎ᠠ ( 1939~ ) ᠬᠢᠨᠠᠨ ᠨᠠᠢᠷᠠᠭᠤᠯᠤᠭᠴᠢ᠃ ᠦᠪᠥᠷ ᠮᠣᠩᠭᠣᠯ  ᠤᠨ ᠰᠢᠯᠢ  ᠵᠢᠨ ᠭᠣᠣᠯ ᠠᠢᠮᠠᠭ  ᠤᠨ ᠰᠢᠯᠤᠭ ᠤᠨ ᠴᠠᠭᠠᠨ ᠬᠣᠰᠢᠭᠤᠨᠨ ᠳᠤ ᠨᠤᠲᠤᠭ ᠲᠠᠢ᠃ ᠳᠤᠮᠳᠠᠳᠤ ᠤᠯᠤᠰ  ᠤᠨ ᠡᠪ ᠬᠠᠮᠲᠤ ᠨᠠᠮ  ᠤᠨ ᠭᠡᠰᠢᠭᠦᠨ᠃ 1961 ᠣᠨ ᠳᠤ ᠵᠡᠭᠦᠨ ᠬᠣᠢᠲᠤ  ᠵᠢᠨ ᠪᠠᠭᠰᠢ  ᠵᠢᠨ ᠶᠡᠬᠡ ᠰᠤᠷᠭᠠᠭᠤᠯᠢ  ᠵᠢᠨ ᠠᠮᠢᠳᠤ ᠪᠣᠳᠠᠰ  ᠤᠨ ᠰᠠᠯᠪᠤᠷᠢ ᠠᠴᠠ ᠲᠡᠭᠦᠰᠦᠭᠡᠳ ᠦᠪᠥᠷ ᠮᠣᠩᠭᠣᠯ  ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶᠠᠨ ᠳᠤ ᠰᠤᠷᠬᠤ ᠪᠢᠴᠢᠭ ᠦᠨ ᠨᠠᠢᠷᠠᠭᠤᠯᠤᠭᠴᠢ ᠪᠠᠷ ᠠᠵᠢᠯᠯᠠᠵᠠᠶ᠃ ᠳᠦᠴᠢᠭᠡᠳ ᠵᠢᠯ ᠦᠨ ᠠᠵᠢᠯ  ᠤᠨ ᠬᠤᠭᠤᠴᠠᠭᠠᠨ ᠳᠠᠭᠠᠨ ᠨᠠᠢᠷᠠᠭᠤᠯᠤᠭᠴᠢ ᠠᠴᠠ ᠪᠠᠨ ᠨᠠᠢᠷᠠᠭᠤᠯᠬᠤ ᠲᠠᠰᠤᠭ  ᠤᠨ ᠡᠷᠬᠢᠯᠡᠭᠴᠢ᠂ ᠬᠡᠪᠯᠡᠯ ᠦᠨ ᠬᠤᠷᠢᠶᠠᠨ ᠤ ᠳᠡᠳ᠋ ᠶᠡᠷᠦᠩᠬᠡᠶ ᠨᠠᠢᠷᠠᠭᠤᠯᠤᠭᠴᠢ᠂ ᠳᠡᠳ᠋ ᠬᠤᠷᠢᠶᠠᠨ ᠳᠠᠷᠤᠭ᠎ᠠ᠂ ᠶᠡᠷᠦᠩᠬᠡᠶ ᠨᠠᠢᠷᠠᠭᠤᠯᠤᠭᠴᠢ᠂ ᠬᠤᠷᠢᠶᠠᠨ ᠳᠠᠷᠤᠭ᠎ᠠ᠂ ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠤ ᠰᠤᠷᠭᠠᠨ ᠬᠦᠮᠦᠵᠢᠯ ᠦᠨ ᠲᠢᠩᠬᠢᠮ ᠦᠨ ᠦᠨᠳᠦᠰᠦᠲᠡᠨ ᠦ ᠰᠤᠷᠭᠠᠨ ᠬᠦᠮᠦᠵᠢᠯ ᠦᠨ ᠭᠠᠵᠠᠷ  ᠤᠨ ᠳᠡᠳ᠋ ᠳᠠᠷᠤᠭ᠎ᠠ ᠵᠡᠷᠭᠡ ᠡᠭᠦᠷᠭᠡ ᠬᠠᠷᠢᠭᠤᠴᠠᠯᠭ᠎ᠠ ᠲᠠᠢ ᠶᠠᠪᠤᠪᠠ᠂ ᠡᠭᠦᠨ ᠦ ᠳᠠᠭᠠᠤ ᠳᠤ ᠳᠤᠮᠳᠠᠳᠤ ᠤᠯᠤᠰ  ᠤᠨ ᠬᠡᠪᠯᠡᠯ ᠦᠨ ᠠᠵᠢᠯᠲᠠᠨ ᠤ ᠨᠡᠢᠭᠡᠮᠯᠢᠭ ᠦᠨ ᠰᠤᠷᠭᠠᠨ ᠬᠦᠮᠦᠵᠢᠯ ᠦᠨ ᠬᠡᠪᠯᠡᠯ ᠦᠨ ᠰᠤᠳᠤᠯᠬᠤ ᠬᠤᠷᠠᠯ  ᠤᠨ ᠬᠡᠷᠡᠭ ᠡᠷᠬᠢᠯᠡᠭᠴᠢ᠂ ᠦᠪᠡᠷᠲᠡᠭᠡᠨ ᠵᠠᠰᠠᠬᠤ ᠣᠷᠣᠨ ᠤ ᠰᠣᠨᠵᠢᠨ ᠮᠡᠳᠡᠭᠡᠯᠡᠯ᠂ ᠬᠡᠪᠯᠡᠯ ᠦᠨ ᠬᠵᠢᠨ ᠦ ᠳᠡᠭᠡᠳᠦ ᠵᠡᠷᠭᠡ  ᠵᠢᠨ    ᠲᠤᠰᠭᠠᠢ ᠮᠡᠷᠭᠡᠵᠢᠯ ᠦᠨ ᠴᠣᠯᠠ ᠬᠢᠨᠠᠨ ᠰᠢᠯᠭᠠᠷᠠᠭᠤᠯᠬᠤ ᠵᠦᠪᠯᠡᠯ ᠦᠨ ᠡᠷᠬᠢᠯᠡᠭᠴᠢ᠂ ᠪᠦᠬᠥ ᠤᠯᠤᠰ  ᠤᠨ ᠮᠣᠩᠭᠣᠯ ᠰᠤᠷᠬᠤ ᠪᠢᠴᠢᠭ ᠬᠢᠨᠠᠬᠤ ᠵᠦᠪᠯᠡᠯ ᠦᠨ ᠪᠠᠢᠩᠭᠤ  ᠵᠢᠨ ᠳᠡᠳ᠋ ᠡᠷᠬᠢᠯᠡᠭᠴᠢ ᠵᠡᠷᠭᠡ ᠨᠡᠢᠭᠡᠮ ᠦᠨ ᠠᠵᠢᠯ ᠡᠭᠦᠷᠭᠡ ᠶᠢ ᠬᠠᠷᠢᠭᠤᠴᠠᠵᠤ ᠪᠠᠢᠪᠠ᠃ ᠳᠤᠮᠳᠠᠳᠤ ᠪᠠᠭ᠎ᠠ ᠰᠤᠷᠭᠠᠭᠤᠯᠢ  ᠵᠢᠨ ᠰᠤᠷᠤᠭᠴᠢ  ᠵᠢᠨ ᠰᠤᠷᠬᠤ ᠪᠢᠴᠢᠭ᠂ ᠤᠩᠰᠢᠬᠤ ᠪᠢᠴᠢᠭ ᠵᠢᠴᠢ ᠬᠠᠷᠠᠭᠠᠯᠵᠠᠭᠰᠠᠨ ᠮᠠᠲ᠋ᠧᠷᠢᠶᠠᠯ ᠤᠳ ᠢ ᠨᠠᠢᠷᠠᠭᠤᠯᠬᠤ᠂ ᠣᠷᠴᠢᠭᠤᠯᠬᠤ᠂ ᠬᠢᠨᠠᠬᠤ᠂ ᠬᠡᠪᠯᠡᠭᠦᠯᠬᠦ ᠠᠵᠢᠯ ᠢ ᠬᠢᠭᠰᠡᠨ ᠨᠢ ᠵᠠᠭᠤᠭᠠᠳ ᠵᠦᠢᠯ᠂ ᠬᠡᠳᠦᠨ ᠮᠢᠩᠭᠠᠨ ᠲᠦᠮᠡᠨ ᠦᠰᠥᠭ ᠲᠦ ᠬᠦᠷᠪᠡ᠃ ᠮᠣᠩᠭᠣᠯ ᠳᠤᠮᠳᠠᠳᠤ ᠪᠠᠭ᠎ᠠ ᠰᠤᠷᠭᠠᠭᠤᠯᠢ  ᠵᠢᠨ ᠪᠠᠢᠭᠠᠯᠢ  ᠵᠢᠨ ᠰᠵᠢᠨᠵᠢᠯᠡᠬᠦ ᠤᠬᠠᠭᠠᠨ ᠤ ᠲᠦᠷᠥᠯ ᠦᠨ ᠰᠤᠷᠬᠤ ᠪᠢᠴᠢᠭ ᠦᠳ ᠢ ᠲᠦᠪ ᠶᠣᠰᠣ ᠪᠠᠷ ᠬᠦᠭᠵᠢᠭᠦᠯᠬᠦ᠂ ᠴᠵᠢᠨᠠᠷ ᠴᠵᠢᠨᠰᠠᠭ᠎ᠠ ᠶᠢ ᠨᠢ ᠳᠡᠭᠡᠭᠰᠢᠯᠡᠭᠦᠯᠬᠦ᠂ ᠪᠠᠢᠭᠠᠯᠢ  ᠵᠢᠨ ᠰᠵᠢᠨᠵᠢᠯᠡᠬᠦ ᠤᠬᠠᠭᠠᠨ ᠤ ᠲᠣᠯᠢ ᠪᠢᠴᠢᠭ᠂ ᠬᠢᠴᠢᠶᠡᠯ ᠦᠨ ᠭᠠᠳᠠᠨᠠᠬᠢ ᠤᠩᠰᠢᠯᠭ᠎ᠠ ᠵᠢᠴᠢ ᠬᠠᠮᠢᠶ᠎ᠠ ᠪᠦᠬᠦᠶ ᠮᠠᠲ᠋ᠧᠷᠢᠶᠠᠯ ᠢ ᠨᠠᠢᠷᠠᠭᠤᠯᠬᠤ᠂ ᠣᠷᠴᠢᠭᠤᠯᠬᠤ᠂ ᠬᠡᠪᠯᠡᠭᠦᠯᠦᠨ ᠲᠠᠷᠬᠠᠭᠠᠬᠤ ᠠᠵᠢᠯ ᠤᠳ ᠢ ᠲᠦᠰᠦᠪᠯᠡᠨ ᠲᠣᠭᠲᠠᠭᠠᠬᠤ ᠪᠠ ᠵᠣᠬᠢᠶᠠᠨ ᠪᠠᠢᠭᠤᠯᠵᠤ ᠭᠠᠷᠳᠠᠨ ᠭᠦᠢᠴᠡᠳᠬᠡᠬᠦ ᠳᠦ   ᠲᠦ᠍ᠯᠭᠠᠭᠤᠷᠢᠯᠠᠬᠤ ᠦᠢᠯᠡᠳᠦᠯ ᠦᠵᠡᠭᠦᠯᠵᠡᠢ᠃ ᠢᠯᠠᠩᠭᠤᠶ᠎ᠠ ᠮᠣᠩᠭᠣᠯ ᠬᠡᠯᠡᠨ ᠳᠡᠬᠢ ᠪᠠᠢᠭᠠᠯᠢ  ᠵᠢᠨ ᠰᠵᠢᠨᠵᠢᠯᠡᠬᠦ ᠤᠬᠠᠭᠠᠨ ᠤ ᠨᠡᠷ᠎ᠡ ᠲᠣᠮᠢᠶ᠎ᠠ ᠶᠢ ᠳᠦᠷᠢᠮᠵᠢᠭᠦᠯᠬᠦ᠂ ᠪᠠᠷᠢᠮᠵᠢᠶᠠᠯᠠᠭᠤᠯᠬᠤ᠂ ᠰᠢᠰᠲ᠋ᠧᠮᠵᠢᠭᠦᠯᠬᠦ ᠶᠢ ᠣᠷᠳᠣ ᠬᠤᠭᠤᠴᠠᠭ᠎ᠠ ᠪᠠᠷ ᠡᠷᠡᠰ ᠵᠣᠷᠢᠵᠤ ᠬᠦᠴᠦᠯᠡᠨ ᠵᠢᠳᠬᠦᠭᠡᠳ ᠨᠡᠷ᠎ᠡ ᠲᠣᠮᠢᠶ᠎ᠠ  ᠵᠢᠨ ᠵᠦᠪ ᠪᠠᠢᠬᠤ᠂ ᠣᠨᠣᠪᠴᠢᠲᠠᠶ ᠪᠠᠢᠬᠤ᠂ ᠲᠣᠭᠲᠠᠮᠠᠯ ᠪᠠᠢᠬᠤ ᠮᠡᠲᠦ ᠠᠯᠢ ᠣᠯᠠᠨ ᠵᠠᠷᠵᠢᠮ ᠢ ᠳᠤᠷᠠᠳᠴᠤ ᠴᠢᠩᠭ᠎ᠠ ᠪᠠᠷᠢᠮᠲᠠᠯᠠᠵᠤ ᠢᠷᠡᠭᠰᠡᠨ ᠢᠶᠡᠷ ᠣᠳᠣᠬᠠᠨ᠎ᠠ ᠡᠨᠡ ᠲᠠᠯ᠎ᠠ  ᠵᠢᠨ ᠠᠵᠢᠯ ᠮᠡᠳᠡᠭᠳᠡᠮ᠎ᠡ ᠠᠮᠵᠢᠯᠲᠠ ᠤᠯᠪᠠ᠃ 1995 ᠣᠨ ᠳᠤ ᠤᠯᠤᠰ  ᠤᠨ ᠰᠤᠷᠭᠠᠨ ᠬᠦᠮᠦᠵᠢᠯ ᠦᠨ ᠵᠦᠪᠯᠡᠯ ᠡᠴᠡ ᠴᠠᠭᠳᠠᠷ᠎ᠠ ᠶᠢ 《ᠳᠤᠮᠳᠠᠳᠤ ᠪᠠᠭ᠎ᠠ ᠰᠤᠷᠭᠠᠭᠤᠯᠢ  ᠵᠢᠨ ᠰᠤᠷᠬᠤ ᠪᠢᠴᠢᠭ ᠢ ᠴᠦᠭᠡᠨ ᠲᠣᠭᠠ   ᠲᠦ᠍ ᠦᠨᠳᠦᠰᠦᠲᠡᠨ ᠦ ᠬᠡᠯᠡᠨ ᠳᠦ ᠨᠠᠢᠷᠠᠭᠤᠯᠵᠤ ᠣᠷᠴᠢᠭᠤᠯᠵᠤ ᠬᠡᠪᠯᠡᠭᠦᠯᠦᠭᠰᠡᠨ ᠲᠡᠷᠢᠭᠦᠨ ᠦ ᠬᠤᠪᠢ ᠬᠦᠮᠦᠨ》 ᠢᠶᠡᠷ ᠰᠠᠢᠰᠢᠶᠠᠭᠳᠠᠵᠠᠢ᠃ ᠭᠣᠣᠯ ᠪᠣᠯᠬᠤ ᠪᠦᠲᠦᠭᠡᠯ ᠳᠦ᠄ ᠪᠤᠰᠤᠳ ᠲᠠᠢ ᠬᠠᠮᠲᠤᠷᠠᠨ ᠨᠠᠢᠷᠠᠭᠤᠯᠤᠭᠰᠠᠨ 《ᠦᠷᠡᠲᠦ ᠤᠷᠭᠤᠮᠠᠯ  ᠤᠨ ᠵᠢᠷᠤᠭ   ᠲᠦ᠍ ᠲᠣᠯᠢ》 《ᠦᠪᠥᠷ ᠮᠣᠩᠭᠣᠯ  ᠤᠨ ᠦᠪᠡᠷᠲᠡᠭᠡᠨ ᠵᠠᠰᠠᠬᠤ ᠣᠷᠣᠨ ᠤ ᠰᠵᠢᠨᠵᠢᠯᠡᠬᠦ ᠤᠬᠠᠭᠠᠨ ᠮᠡᠷᠭᠡᠵᠢᠯ ᠦᠨ ᠪᠦᠲᠦᠭᠡᠯ ᠦᠨ ᠬᠣᠶᠠᠳᠤᠭᠠᠷ ᠲᠠᠰ  ᠤᠨ ᠱᠠᠩᠨᠠᠯ ᠬᠦᠷᠲᠡᠪᠡ )᠂ 《ᠬᠢᠲᠠᠳ ᠮᠣᠩᠭᠣᠯ ᠬᠠᠷᠢᠴᠠᠭᠤᠯᠤᠭᠰᠠᠨ ᠪᠠᠢᠭᠠᠯᠢ  ᠵᠢᠨ ᠰᠵᠢᠨᠵᠢᠯᠡᠬᠦ ᠤᠬᠠᠭᠠᠨ ᠤ ᠮᠡᠷᠭᠡᠵᠢᠯ ᠦᠨ ᠲᠣᠯᠢ》᠂ 《ᠪᠠᠭᠠᠴᠤᠳ  ᠤᠨ ᠰᠵᠢᠨᠵᠢᠯᠡᠬᠦ ᠤᠬᠠᠭᠠᠨ ᠮᠡᠷᠭᠡᠵᠢᠯ ᠦᠨ ᠲᠣᠯᠢ》 ᠵᠡᠷᠭᠡ ᠨᠠᠢᠷᠠᠭᠤᠯᠤᠭᠰᠠᠨ ᠨᠣᠮ 《ᠦᠪᠥᠷ ᠮᠣᠩᠭᠣᠯ  ᠤᠨ ᠲᠠᠯ᠎ᠠ ᠨᠤᠲᠤᠭ  ᠤᠨ ᠤᠷᠭᠤᠮᠠᠯ》᠂ 《ᠦᠪᠥᠷ ᠮᠣᠩᠭᠣᠯ  ᠤᠨ ᠮᠣᠳᠣᠯᠢᠭ ᠤᠷᠭᠤᠮᠠᠯ》᠂ 《ᠬᠠᠷᠭᠠᠨ᠎ᠠ》᠂ ᠣᠷᠴᠢᠭᠤᠯᠤᠭᠰᠠᠨ ᠨᠣᠮ 《ᠶᠡᠬᠡ ᠰᠵᠢᠨᠵᠢᠯᠡᠬᠦ ᠤᠬᠠᠭᠠᠨᠲᠠᠨ ᠴᠠᠷᠯᠸᠰ ᠳ᠋ᠠᠷᠸᠵᠢᠨ》᠂ 《ᠤᠷᠭᠤᠮᠠᠯ  ᠤᠨ ᠰᠤᠳᠤᠯᠤᠯ》᠂ 《ᠠᠮᠢᠲᠠᠨ ᠤ ᠰᠤᠳᠤᠯᠤᠯ》᠂ 《ᠠᠮᠢᠳᠤ ᠪᠣᠳᠠᠰ  ᠤᠨ ᠰᠤᠳᠤᠯᠤᠯ》᠂ ᠪᠤᠰᠤᠳ ᠲᠠᠢ ᠬᠠᠮᠲᠤᠷᠠᠨ ᠣᠷᠴᠢᠭᠤᠯᠤᠭᠰᠠᠨ ᠪᠦᠲᠦᠭᠡᠯ 《ᠳᠦᠷᠰᠦ  ᠵᠢᠨ ᠡᠭᠦᠰᠦᠯ》᠂ 《ᠠᠮᠢᠳᠤ ᠪᠣᠳᠠᠰ  ᠤᠨ ᠬᠦᠭᠵᠢᠩᠭᠦᠶ ᠬᠤᠪᠢᠰᠤᠯ》᠂ ᠬᠠᠷᠢᠭᠤᠴᠠᠨ ᠨᠠᠢᠷᠠᠭᠤᠯᠤᠭᠰᠠᠨ ᠨᠣᠮ 《ᠮᠣᠩᠭᠣᠯ ᠡᠮᠨᠡᠯᠭᠡ  ᠵᠢᠨ ᠵᠠᠰᠠᠯᠭ᠎ᠠ  ᠵᠢᠨ ᠵᠠᠷᠴᠢᠮ ᠬᠢᠭᠡᠳ ᠠᠷᠭ᠎ᠠ》 ᠭᠡᠬᠦ ᠮᠡᠲᠦ᠃)