ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠠᠪᠠᠯᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠠᠪᠠᠯᠠ᠂ ( 1932—— ) ᠰᠡᠳᠭᠦᠯᠴᠢ᠃ ᠮᠣᠩᠭᠤᠯ ᠤᠯᠤᠰ  ᠤᠨ ᠪᠠᠶᠠᠩᠬᠣᠩᠭᠣᠷ ᠠᠢᠮᠠᠭ  ᠤᠨ ᠪᠥᠮᠪᠦᠭᠡᠷ ᠰᠤᠮᠤ  ᠢᠨ ᠨᠤᠲᠤᠭ    ᠲᠦ᠍ ᠲᠥᠷᠦᠵᠡᠢ᠃ ᠤᠯᠠᠭᠠᠨᠪᠠᠭᠠᠲᠤᠷ  ᠤᠨ ᠪᠠ ᠮᠤᠰᠺᠸᠠ ᠳ᠋ᠠᠬᠢ ᠨᠠᠮ  ᠤᠨ ᠳᠡᠭᠡᠳᠦ ᠰᠤᠷᠭᠠᠭᠤᠯᠢ ᠶᠢ ᠲᠡᠭᠦᠰᠭᠡᠵᠦ᠂ 1970 ᠣᠨ ᠳᠤ ᠮᠣᠩᠭᠤᠯ ᠤᠯᠤᠰ  ᠤᠨ ᠠᠷᠠᠳ  ᠤᠨ ᠬᠤᠪᠢᠰᠭᠠᠯ   ᠲᠦ᠍ ᠨᠠᠮ  ᠤᠨ ᠲᠥᠪ ᠬᠣᠷᠢᠶᠠᠨ ᠤ᠋ ᠯᠧᠺᠲ᠋ᠤᠷ ᠰᠤᠷᠲᠠᠯ ᠨᠡᠪᠲᠡᠷᠡᠭᠦᠯᠭᠡ  ᠢᠨ ᠠᠵᠢᠯ ᠬᠢᠵᠦ ᠪᠠᠢᠭᠰᠠᠨ ᠢᠶᠠᠨ l 9 8 0 ᠣᠨ ᠳᠤ 《ᠦᠨᠡᠨ》 ᠰᠣᠨᠢᠨ ᠤ ᠨᠢᠭᠡᠳᠦᠭᠡᠷ ᠣᠷᠤᠯᠠᠭᠴᠢ ᠡᠷᠬᠢᠯᠡᠭᠴᠢ ᠪᠡᠷ ᠠᠵᠢᠯᠯᠠᠵᠤ᠂ 1990 ᠣᠨ ᠳᠤ ᠷᠠᠳᠢᠣ᠋ ᠲᠧᠯᠸᠢᠰ ᠦᠨ ᠤᠯᠤᠰ  ᠤᠨ ᠬᠣᠷᠢᠶᠠᠨ ᠤ᠋ ᠳᠠᠷᠤᠭ᠎ᠠ ᠪᠣᠯᠵᠠᠢ᠃ 1992~ 1996 ᠣᠨ ᠪᠣᠯᠲᠠᠯ᠎ᠠ 《ᠵᠠᠰᠠᠭ  ᠤᠨ ᠭᠠᠵᠠᠷ  ᠤᠨ ᠮᠡᠳᠡᠭᠡ》 ᠰᠣᠨᠢᠨ ᠤ ᠶᠡᠷᠦᠩᠬᠡᠶ ᠡᠷᠬᠢᠯᠡᠭᠴᠢ ᠪᠡᠷ ᠲᠣᠮᠢᠯᠠᠭᠳᠠᠪᠠ᠃ ᠲᠡᠷᠡ ᠰᠣᠨᠢᠨ ᠮᠡᠳᠡᠭᠡᠯᠡᠯ ᠦᠨ ᠠᠵᠢᠯ ᠢ ᠬᠣᠷᠢᠭᠠᠳ ᠵᠢᠯ ᠬᠢᠬᠦ ᠳᠡᠭᠡᠨ ᠨᠠᠮ  ᠤᠨ ᠲᠦᠷᠥ  ᠢᠨ ᠪᠣᠳᠤᠯᠭ᠎ᠠ ᠶ᠋ᠢ ᠬᠢᠴᠢᠶᠡᠨ ᠰᠤᠷᠲᠠᠯᠴᠢᠯᠠᠬᠤ  ᠢᠨ ᠬᠠᠮᠲᠤ ᠠᠰᠠᠭᠤᠳᠠᠯ ᠳᠡᠪᠰᠢᠭᠦᠯᠦᠭᠰᠡᠨ ᠥᠭᠦᠯᠡᠯ ᠣᠯᠠᠨ ᠪᠢᠴᠢᠵᠦ ᠤᠩᠰᠢᠭᠴᠢᠳ  ᠤᠨ ᠬᠦᠷᠢᠶᠡᠯᠡᠯ ᠢ ᠣᠯᠵᠠᠢ᠃ 《ᠠᠮᠢᠳᠤᠷᠠᠯ ᠪᠢᠳᠡ ᠬᠣᠶᠠᠭᠤᠯᠠ》 ᠬᠡᠮᠡᠬᠦ ᠮᠡᠳᠡᠭᠡᠯᠡᠯ ᠳᠤᠷᠠᠳᠭᠠᠯ ᠤ᠋ᠨ ᠨᠣᠮ ᠢᠶᠠᠨ 1999 ᠣᠨ ᠳᠤ ᠬᠡᠪᠯᠡᠭᠦᠯᠵᠡᠢ᠃ ᠲᠡᠭᠦᠨ ᠦ ᠬᠥᠳᠡᠯᠮᠦᠷᠢ   ᠢᠨ ᠵᠢᠳᠭᠦᠯ ᠢ᠋ ᠤᠯᠤᠰ ᠠᠴᠠ ᠦᠨᠡᠯᠡᠵᠦ ᠰᠣᠶᠤᠯ ᠤ᠋ᠨ ᠭᠠᠪᠢᠶᠠᠲᠦ᠍ ᠵᠢᠳᠭᠦᠯᠲᠡᠨ ᠴᠣᠯᠠ ᠣᠯᠭᠤᠵᠤ᠂ ᠠᠯᠲᠠᠨ ᠭᠠᠳᠠᠰᠤ ᠣᠳᠣᠨ ᠢᠶᠠᠷ ᠰ᠌ᠠᠩᠨᠠᠪᠠ᠃