ᠨᠡᠷ᠎ᠡ:
ᠳᠤᠭᠠᠷᠰᠦ᠋ᠷᠦᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠳᠤᠭᠠᠷᠰᠦ᠋ᠷᠦᠩ ( 1926—— ) ᠳᠡᠭᠡᠳᠦ ᠵᠡᠷᠭᠡ ᠵᠢᠨ ᠨᠠᠢᠷᠠᠭᠤᠯᠤᠭᠴᠢ᠂ ᠣᠷᠴᠢᠭᠤᠯᠤᠭᠴᠢ᠂ ᠰᠢᠯᠦᠭᠴᠢ᠃ ᠵᠢᠷᠢᠮ ᠦᠨ ᠴᠢᠭᠤᠯᠭᠠᠨ ᠤ ᠬᠣᠷᠴᠢᠨ ᠵᠡᠭᠦᠨ ᠭᠠᠷ ᠤᠨ ᠬᠣᠢᠲᠤ ᠬᠣᠰᠢᠭᠤᠨ ᠤ ᠶᠡᠬᠡᠳᠡᠯ᠎ᠡ ᠠᠢᠯ ᠳᠤ ᠲᠥᠷᠦᠵᠡᠢ᠃ 9 ᠨᠠᠰᠤ ᠲᠠᠢ ᠳᠠᠭᠠᠨ ᠬᠡᠷ ᠦᠨ ᠰᠤᠷᠭᠠᠭᠤᠯᠢ ᠳᠤ ᠰᠠᠭᠤᠵᠤ ᠮᠣᠩᠭᠤᠯ ᠮᠠᠨᠵᠤ ᠪᠢᠴᠢᠭ ᠰᠤᠷᠪᠠ᠃ ᠪᠠᠭ᠎ᠠ ᠰᠤᠷᠭᠠᠭᠤᠯᠢ ᠪᠠᠨ ᠲᠡᠭᠦᠰᠭᠡᠭᠡᠳ 1942 ᠣᠨ ᠳᠤ ᠬᠢᠩᠭᠠᠨ ᠳᠡᠭᠡᠳᠦ ᠰᠤᠷᠭᠠᠭᠤᠯᠢ ᠳᠤ ᠰᠢᠯᠭᠠᠨ ᠣᠷᠣᠵᠠᠶ᠃ 1945 ᠣᠨ ᠳᠤ ᠬᠤᠪᠢᠰᠭᠠᠯ ᠳ᠋ᠤ᠌ ᠣᠷᠤᠵᠤ᠂ 1946 ᠣᠨ ᠤ 8 ᠰᠠᠷ᠎ᠠ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠬᠣᠯᠪᠤᠭᠠᠨ ᠲᠦ᠍ ᠬᠤᠷᠠᠯ ᠤᠨ ᠡᠷᠬᠢᠯᠡᠭᠰᠡᠨ 《ᠣᠯᠠᠨ ᠲᠦᠮᠡᠨ》 ᠰᠣᠨᠢᠨ ᠳᠤ ᠠᠵᠢᠯᠯᠠᠪᠠ᠃ 1947 ᠣᠨ ᠳᠤ 《ᠥᠪᠡᠷᠲᠡᠭᠡᠨ ᠵᠠᠰᠠᠬᠤ ᠥᠪᠦᠷ ᠮᠣᠩᠭᠤᠯ ᠰᠣᠨᠢᠨ》 ᠬᠡᠪᠯᠡᠯ ᠡᠬᠢᠯᠡᠬᠦ ᠳᠦ᠂ 1948 ᠣᠨ ᠳᠤ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠮᠣᠩᠭᠤᠯ ᠬᠡᠪᠯᠡᠯ ᠡᠬᠢᠯᠡᠬᠦ ᠳᠦ ᠪᠦᠷ ᠤᠤᠭᠠᠨ ᠨᠠᠢᠷᠠᠭᠤᠯᠤᠭᠴᠢ ᠪᠠᠷ ᠪᠠᠢᠵᠤ᠂ ᠮᠣᠩᠭᠤᠯ ᠰᠣᠨᠢᠨ ᠮᠡᠳᠡᠭᠡᠨ ᠦ ᠠᠵᠢᠯ ᠤᠨ ᠹᠷᠣᠨᠲ ᠳᠡᠭᠡᠷ᠎ᠡ 40 ᠭᠠᠷᠤᠶ ᠵᠢᠯ ᠨᠠᠢᠷᠠᠭᠤᠯᠬᠤ᠂ ᠰᠤᠷᠪᠤᠯᠵᠢᠯᠠᠬᠤ᠂ ᠣᠷᠴᠢᠭᠤᠯᠬᠤ ᠠᠵᠢᠯ ᠬᠢᠵᠦ᠂ 1987 ᠣᠨ ᠳᠤ ᠨᠠᠰᠤᠨ ᠤ ᠠᠮᠠᠷᠠᠯᠲᠠ ᠪᠠᠨ ᠠᠪᠴᠠᠢ᠃ ᠳᠡᠭᠡᠷ᠎ᠡ ᠵᠠᠭ ᠤᠨ ᠤ ᠳᠥᠴᠢᠭᠡᠳ ᠣᠨ ᠤ ᠳᠣᠣᠷ᠎ᠠ ᠬᠠᠭᠠᠰ ᠵᠢᠯ ᠦᠳ ᠲᠦ ᠠᠷᠠᠳ ᠤᠨ ᠴᠢᠯᠥᠭᠡᠯᠡᠬᠦ ᠳᠠᠵᠢᠨ᠂ ᠦᠢᠯᠡᠳᠪᠦᠷᠢᠯᠡᠯ ᠵᠢᠭ ᠨᠡᠮᠡᠭᠳᠡᠭᠦᠯᠵᠦ ᠡᠮᠦᠨ᠎ᠡ ᠹᠷᠣᠨᠲ ᠢ ᠳᠡᠮᠵᠢᠬᠦ ᠪᠠ ᠭᠠᠵᠠᠷ ᠲᠠᠷᠢᠶ᠎ᠠ ᠵᠢᠨ ᠥᠭᠡᠷᠡᠴᠢᠯᠡᠯᠲᠡ ᠵᠢᠨ ᠬᠥᠳᠡᠯᠭᠡᠭᠡᠨ ᠦ᠌ ᠲᠤᠰᠭᠠᠢ ᠰᠤᠷᠪᠤᠯᠵᠢᠯᠠᠭ᠎ᠠ ᠳᠤ ᠣᠷᠤᠯᠴᠠᠵᠤ᠂ ᠴᠥᠭᠡᠨ ᠪᠤᠰᠤ ᠮᠡᠳᠡᠭᠡ᠂ ᠴᠢᠮᠡᠭᠡᠯᠡᠯ᠂ ᠰᠢᠭᠦᠮᠵᠢ ᠪᠢᠴᠢᠵᠡᠢ᠃ 《ᠡᠷᠬᠡᠲᠦ ᠭᠠᠴᠠᠭ᠎ᠠ ᠵᠢᠨ ᠣᠯᠠᠨ ᠲᠦᠮᠡᠨ ᠭᠠᠵᠠᠷ ᠤᠨ ᠡᠵᠡᠨ ᠢ ᠲᠡᠮᠡᠴᠡᠭᠰᠡᠨ ᠨᠢ》 ( 1946 ᠣᠨ ) ᠭᠡᠬᠦ ᠮᠡᠳᠡᠭᠡ ᠨᠢ 《ᠣᠯᠠᠨ ᠲᠦᠮᠡᠨ》 ᠰᠣᠨᠢᠨ ᠤ ᠨᠢᠭᠡᠳᠦᠭᠡᠷ ᠨᠢᠭᠤᠷ ᠤᠨ ᠲᠦᠷᠦᠭᠦᠦ ᠵᠤᠷᠪᠤᠰ ᠲᠦ᠍ ᠨᠡᠢᠲᠡᠯᠡᠭᠳᠡᠵᠦ ᠭᠠᠵᠠᠷ ᠲᠠᠷᠢᠶ᠎ᠠ ᠵᠢᠨ ᠥᠭᠡᠷᠡᠴᠢᠯᠡᠯᠲᠡ ᠵᠢᠨ ᠲᠤᠰᠭᠠᠢ ᠮᠣᠩᠭᠤᠯ ᠬᠡᠯᠡ ᠪᠡᠷ ᠪᠢᠴᠢᠭᠰᠡᠨ ᠠᠩᠬᠠᠨ ᠤ ᠮᠡᠳᠡᠭᠡ ᠪᠣᠯᠵᠠᠢ᠃ 《ᠠᠷᠪᠠᠨ ᠲᠠᠪᠤᠲᠠᠶ ᠮᠣᠩᠭᠤᠯ ᠪᠠᠢᠯᠳᠤᠭᠴᠢ ᠭᠤᠷᠪᠠᠨ ᠳᠠᠢᠰᠤᠨ ᠢ ᠣᠯᠵᠠᠯᠠᠭᠰᠠᠨ》 ᠭᠡᠳᠡᠭ ᠴᠢᠮᠡᠭᠡᠯᠡᠯ ᠨᠢ ᠤᠩᠰᠢᠭᠴᠢᠳ ᠤᠨ ᠬᠦᠷᠢᠶᠡᠯᠡᠯ ᠢ ᠣᠯᠵᠤ᠂ ᠬᠣᠵᠢᠮ ᠨᠢ ᠬᠡᠦᠬᠡᠳ ᠦ᠋ᠨ ᠦᠯᠢᠭᠡᠷ ᠪᠣᠯ ᠤᠨ ᠦᠯᠡᠳᠡᠵᠡᠢ᠃ 1947 ᠣᠨ ᠳᠤ ᠤᠯᠠᠭᠠᠨᠬᠣᠲᠠᠨᠠ ᠤᠯᠠᠭᠠᠨᠭᠦᠦ ᠶᠢ ᠤᠭ ᠲᠤᠭᠰᠠᠨ ᠲᠤᠰᠭᠠᠢ ᠪᠠ 《5. 1》 ᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠷᠠᠳ ᠤᠨ ᠵᠠᠰᠠᠭ ᠤᠨ ᠣᠷᠳᠤᠨ ᠪᠠᠢᠭᠤᠯᠤᠭᠳᠠᠬᠤ ᠶᠡᠬᠡ ᠬᠤᠷᠠᠯ ᠤᠨ ᠰᠤᠷᠪᠤᠯᠵᠢᠯᠠᠭ᠎ᠠ ᠳᠤ ᠣᠷᠤᠯᠴᠠᠵᠤ 《ᠥᠪᠡᠷᠲᠡᠭᠡᠨ ᠵᠠᠰᠠᠬᠤ ᠥᠪᠦᠷ ᠮᠣᠩᠭᠤᠯ》 ᠰᠣᠨᠢᠨ ᠳᠤ ᠬᠡᠲᠦ ᠬᠡᠳᠦᠨ ᠮᠡᠳᠡᠭᠡ ᠨᠠᠢᠳᠠᠯᠠᠪᠠ᠃ ᠳᠡᠭᠡᠷ᠎ᠡ ᠵᠠᠭ ᠤᠨ ᠤ ᠲᠠᠪᠢᠭᠠᠳ ᠣᠨ ᠤ ᠡᠬᠢᠨ ᠳ᠋ᠦ᠍ ᠤᠯᠤᠰ ᠠᠷᠠᠳ ᠤᠨ ᠠᠵᠤ ᠠᠬᠤᠶ ᠶᠢ ᠰᠡᠷᠭᠦᠭᠡᠬᠦ ᠪᠠ ᠨᠠᠮ ᠤᠨ ᠰᠢᠯᠵᠢᠯᠲᠡ ᠵᠢᠨ ᠦᠶ᠎ᠡ ᠵᠢᠨ ᠶᠡᠷᠦᠩᠬᠡᠶ ᠱᠤᠭᠤᠮ ᠢ᠋ ᠬᠡᠷᠡᠭᠵᠢᠭᠦᠯᠵᠦ᠂ ᠬᠠᠪᠰᠤᠷᠤᠯ ᠬᠣᠷᠰᠢᠶᠠᠵᠢᠯ ᠢ ᠪᠡᠶᠡᠯᠡᠭᠦᠯᠬᠦ ᠵᠢᠴᠢ ᠠᠮᠧᠷᠢᠺᠠ ᠶᠢ ᠡᠰᠡᠷᠭᠦᠴᠡᠨ ᠰᠣᠯᠤᠩᠭᠤᠰ ᠲᠦ᠍ ᠲᠦ᠍ᠰᠠᠯᠠᠬᠤ ᠬᠥᠳᠡᠯᠭᠡᠭᠡᠨ ᠦ᠌ ᠲᠤᠰᠭᠠᠢ ᠰᠤᠷᠲᠠᠯ ᠤᠬᠠᠭᠤᠯᠭ᠎ᠠ ᠳᠤ ᠣᠯᠠᠨ ᠰᠣᠨᠢᠨ ᠮᠡᠳᠡᠭᠡ ᠪᠢᠴᠢᠵᠦ ᠨᠡᠢᠲᠡᠯᠡᠭᠰᠡᠨ ᠪᠥᠭᠡᠳ 《 ᠵᠢᠱ᠌ᠢᠶᠡᠴᠢ ᠮᠠᠯᠴᠢᠨ ᠴᠣᠭᠵᠢᠯ》᠂ 《ᠳᠣᠷᠵᠢ ᠠᠪᠤ ᠵᠢᠨ ᠬᠡᠷ ᠲᠦ》᠂ 《ᠠᠯᠲᠠᠨ ᠨᠠᠮᠤᠷ》᠂ 《ᠭᠦᠨ᠎ᠡ ᠠᠭᠤᠯᠠᠨ ᠲᠣᠰᠭᠤᠨ ᠤ᠋ ᠪᠠᠭᠰᠢ》 ᠵᠡᠷᠭᠡ ᠴᠢᠮᠡᠭᠡᠯᠡᠯ ᠨᠠᠢᠷᠠᠭᠤᠯᠤᠯ ᠪᠢᠴᠢᠵᠦ ᠡᠷᠬᠡ ᠴᠢᠯᠥᠭᠡ ᠪᠡᠨ ᠣ ᠯᠦ᠍ᠭᠰᠠᠨ ᠮᠠᠯᠴᠢᠨ ᠲᠠᠷᠢᠶᠠᠴᠢᠨ ᠤ ᠰᠢᠨ᠎ᠡ ᠠᠮᠢᠳᠤᠷᠠᠯ᠂ ᠰᠢᠨ᠎ᠡ ᠦᠵᠡᠯ ᠰᠠᠨᠠᠭ᠎ᠠ ᠶᠢ ᠬᠠᠷᠠᠭᠤᠯᠵᠠᠢ᠃ 1951 ᠣᠨ ᠳᠤ ᠡᠵᠡᠨ ᠬᠣᠷᠣᠭ᠎ᠠ ᠵᠢᠨ ᠴᠢᠩᠭᠢᠰ ᠦᠨ ᠲᠠᠬᠢᠯᠭ᠎ᠠ ᠶᠢ ᠰᠤᠷᠪᠤᠯᠵᠢᠯᠠᠵᠤ᠂ ᠮᠣᠩᠭᠤᠯ ᠬᠢᠲᠠᠳ ᠦᠨᠳᠦᠰᠦᠲᠡᠨ ᠦ ᠠᠷᠠᠳ ᠲᠦᠮᠡᠨ ᠠᠮᠧᠷᠢᠭᠡ ᠶᠢ ᠡᠰᠡᠷᠭᠦᠴᠡᠨ ᠰᠣᠯᠤᠩᠭᠤᠰ ᠲᠦ᠍ ᠲᠦ᠍ᠰᠠᠯᠠᠬᠤ ᠣᠷᠭᠢᠯᠤᠮ᠎ᠠ ᠬᠠᠯᠠᠭ ᠤᠨ ᠰᠡᠳᠭᠢᠯᠭᠡ ᠶ᠋ᠢ ᠦᠨᠡᠨ ᠮᠥᠨ ᠢ᠋ᠶ᠋ᠡᠷ ᠲᠦ᠍ᠰᠬᠠᠭᠰᠠᠨ 《ᠪᠠᠶᠠᠷ ᠤᠨ ᠨᠢᠯᠪᠤᠰᠤ ᠬᠢᠭᠡᠳ ᠬᠢᠯᠢᠩ ᠦᠨ ᠳᠠᠭ ᠤᠨ》 ᠬᠡᠮᠡᠬᠦ ᠨᠠᠢᠷᠠᠭᠤᠯᠤᠯ ᠨᠢ 1952 ᠣᠨ ᠳᠤ ᠥᠪᠦᠷ ᠮᠣᠩᠭᠤᠯ ᠤ᠋ᠨ ᠤᠷᠠᠨ ᠵᠣᠬᠢᠶᠠᠯ ᠤᠨ ᠱᠠᠩᠨᠠᠯ ᠬᠦᠷᠲᠡᠪᠡ᠃ ᠳᠡᠭᠡᠷ᠎ᠡ ᠵᠠᠭ ᠤᠨ ᠤ ᠳᠥᠴᠢᠭᠡᠳ ᠣᠨ ᠤ ᠰᠡᠭᠦᠯᠴᠢ ᠪᠡᠷ ᠮᠣᠩᠭᠤᠯ ᠰᠣᠨᠢᠨ ᠮᠡᠳᠡᠭᠡ ᠶᠢ ᠬᠡᠷᠬᠢᠨ ᠪᠢᠴᠢᠬᠦ᠂ ᠴᠢᠮᠡᠭᠡᠯᠡᠭᠴᠢ ᠵᠢᠨ ᠡᠩᠨᠡᠭᠡ ᠶᠢ ᠬᠡᠷᠬᠢᠨ ᠪᠠᠢᠭᠤᠯᠬᠤ᠂ ᠰᠢᠨ᠎ᠡ ᠨᠡᠷ᠎ᠡ ᠲᠣᠮᠢᠶ᠎ᠠ ᠶᠢ ᠬᠡᠷᠬᠢᠨ ᠲᠣᠭᠲᠠᠭᠠᠬᠤ ᠵᠡᠷᠭᠡ ᠮᠣᠩᠭᠤᠯ ᠰᠣᠨᠢᠨ ᠰᠡᠳᠭᠦᠯ ᠡᠷᠬᠢᠯᠡᠬᠦ ᠰᠠᠭᠤᠷᠢ ᠠᠵᠢᠯ ᠤᠨ ᠠᠯᠵᠢᠨ ᠳᠤᠨᠢ ᠴᠤ᠌ ᠲᠡᠷᠡ ᠪᠦᠷ ᠪᠣᠳᠠᠲᠠᠶ ᠭᠠᠷ ᠤᠷᠤᠭᠤᠯ ᠤ᠋ᠨ ᠬᠢᠵᠦ ᠮᠣᠩᠭᠤᠯ ᠡᠳᠦᠷ ᠦᠨ ᠰᠣᠨᠢᠨ ᠤ ᠡᠰᠡᠨᠢᠯᠲᠡ ᠬᠥᠭᠵᠢᠯᠲᠡ ᠳ᠋ᠦ᠍ ᠬᠦ ᠴᠤ᠌ ᠪᠡᠨ ᠡᠷᠭᠦᠵᠡᠢ᠃ ᠳᠡᠭᠡᠷ᠎ᠡ ᠵᠠᠭ ᠤᠨ ᠤ ᠲᠠᠪᠢᠭᠠᠳ ᠣᠨ ᠤ ᠡᠬᠢᠨ ᠳ᠋ᠦ᠍ ᠥᠪᠦᠷ ᠮᠣᠩᠭᠤᠯ ᠤ᠋ᠨ ᠡᠳᠦᠷ ᠦᠨ ᠰᠣᠨᠢᠨ ᠤ ᠠᠩᠬᠠᠨ ᠤ ᠤᠳᠭ᠎ᠠ ᠵᠣᠬᠢᠶᠠᠯ ᠤᠨ ᠪᠤᠯᠤᠩ 《ᠤᠷᠠᠨ ᠵᠣᠬᠢᠶᠠᠯ》᠂ 《ᠠᠯᠲᠠᠨ ᠬᠢᠩᠭᠠᠨ》 ᠢ ᠡᠷᠬᠢᠯᠡᠬᠦ ᠳᠦ ᠲᠡᠷᠡ ᠭᠣᠣᠯ ᠨᠠᠢᠷᠠᠭᠤᠯᠤᠭᠴᠢ ᠪᠠᠢᠵᠤ᠂ ᠡᠬᠡ ᠤᠯᠤᠰ᠂ ᠡᠪ ᠬᠠᠮᠲᠤ ᠨᠠᠮ᠂ ᠦᠨᠳᠦᠰᠦᠲᠡᠨ ᠦ ᠪᠦᠯᠬᠦᠮᠳᠡᠯ ᠳᠠᠪᠰᠢᠯᠲᠠ᠂ ᠦᠢᠯᠡᠳᠪᠦᠷᠢᠯᠡᠯ ᠦᠨ ᠠᠮᠵᠢᠯᠲᠠ ᠪᠦᠲᠦᠭᠡᠯ ᠢ ᠲᠦ᠍ᠰᠬᠠᠭᠰᠠᠨ ᠰᠢᠯᠦᠭ ᠬᠣᠯᠪᠤᠭ᠎ᠠ᠂ ᠥᠭᠦᠯᠡᠯᠭᠡ ᠨᠠᠢᠷᠠᠭᠤᠯᠤᠯ᠂ ᠵᠦ ᠴᠤ᠌ᠭᠡ ᠳᠠᠭᠤᠯᠠᠯ ᠢ ᠣᠯᠠᠨ ᠨᠠᠢᠷᠠᠭᠤᠯ ᠤᠨ ᠨᠠᠢᠳᠠᠯᠠᠵᠠᠢ᠃ 1956 ᠣᠨ ᠳᠤ ᠤᠯᠤᠰ ᠲᠦᠷᠥ ᠵᠢᠨ ᠬᠡᠯᠲᠡᠰ ᠦᠨ ᠡᠷᠬᠢᠯᠡᠭᠴᠢ ᠪᠣᠯᠵᠤ᠂ ᠥᠪᠦᠷ ᠮᠣᠩᠭᠤᠯ ᠤ᠋ᠨ ᠡᠳᠦᠷ ᠦᠨ ᠰᠣᠨᠢᠨ ᠤ ᠡᠳᠦᠷ ᠲᠦ᠍ ᠲᠦ᠍ᠮ ᠤᠨ ᠰᠤᠷᠲᠠᠯ ᠤᠬᠠᠭᠤᠯᠭ᠎ᠠ ᠵᠢᠨ ᠠᠵᠢᠯ ᠤᠨ ᠲᠥᠯᠦᠪᠯᠡᠬᠦ ᠪᠠ ᠪᠣᠳᠠᠲᠠᠶ ᠵᠣᠬᠢᠶᠠᠨ ᠪᠠᠢᠭᠤᠯᠬᠤ ᠳᠤ ᠣᠷᠤᠯᠴᠠᠨ᠂ ᠮᠣᠩᠭᠤᠯ ᠰᠣᠨᠢᠨ ᠤ ᠬᠥᠭᠵᠢᠯᠲᠡ ᠶ᠋ᠢ ᠠᠬᠢᠭᠤᠯᠵᠠᠢ᠃ ᠣᠨᠴᠠᠭᠠᠢᠯᠠᠨ ᠦᠨᠳᠦᠰᠦᠲᠡᠨ ᠦ ᠲᠦᠷᠥ ᠵᠢᠨ ᠪᠣᠳᠤᠯᠭ᠎ᠠ ᠶ᠋ᠢ ᠤᠬᠠᠭᠤᠯᠵᠤ᠂ ᠮᠣᠩᠭᠤᠯ ᠦᠭᠡ ᠬᠡᠯᠡ ᠦᠰᠥᠭ ᠪᠢᠴᠢᠭ ᠢ ᠬᠥᠭᠵᠢᠭᠦᠯᠬᠦ ᠲᠠᠯ᠎ᠠ ᠪᠠᠷ .. ᠦᠨᠳᠦᠰᠦᠲᠡᠨ ᠦ ᠰᠤᠷᠭᠠᠨ ᠬᠥᠮᠦᠵᠢᠯ ᠢ᠋ ᠴᠢᠩᠭᠠᠳᠭᠠᠵᠤ ᠦᠰᠥᠭ ᠦᠨ ᠪᠠᠯᠠᠶ ᠶᠢ ᠠᠷᠢᠯᠭᠠᠬᠤ ᠲᠠᠯ᠎ᠠ ᠪᠠᠷ .. 《ᠥᠩᠭᠡ ᠪᠦᠷᠢ ᠵᠢᠨ ᠴᠡᠴᠡᠭ ᠢ ᠵᠡᠷᠭᠡ ᠪᠡᠷ ᠳᠡᠯᠭᠡᠷᠡᠭᠦᠯᠵᠦ᠂ ᠦᠶ ᠣᠯᠠᠨ ᠡᠷᠳᠡᠮᠲᠡᠨ ᠢ ᠴᠢᠯᠥᠭᠡᠲᠡᠶ ᠶᠠᠷᠢᠯᠴᠠᠭᠤᠯᠬᠤ》 ᠴᠢᠭᠯᠡᠯᠲᠡ ᠶᠢ ᠳᠣᠣᠰ᠌ᠯᠠᠭᠤᠯᠤᠨ᠂ ᠮᠣᠩᠭᠤᠯ ᠤᠳᠭ᠎ᠠ ᠤᠷᠠᠯᠢᠭ ᠢ ᠬᠥᠭᠵᠢᠭᠦᠯᠬᠦ ᠲᠠᠯ᠎ᠠ ᠪᠠᠷ ᠠᠯᠢ ᠣᠯᠠᠨ ᠨᠡᠢᠲᠡᠯᠢᠭ ᠵᠢᠱ᠌ᠢᠶ᠎ᠡ ᠶᠢ ᠰᠣᠨᠢᠨ ᠳᠠᠭᠠᠨ ᠨᠡᠢᠲᠡᠯᠡᠭᠰᠡᠨ ᠪᠥᠭᠡᠳ ᠲᠡᠭᠦᠨ ᠦ ᠭᠣᠣᠯ ᠬᠠᠷᠢᠭᠤᠴᠠᠨ ᠡᠷᠬᠢᠯᠡᠭᠰᠡᠨ 《ᠲᠠᠯ᠎ᠠ ᠵᠢᠨ ᠲᠦ᠍ᠶᠠᠭ᠎ᠠ》 ᠪᠤᠯᠤᠩ ᠢᠶᠠᠷ ᠳᠠᠮᠵᠢᠭᠤᠯᠵᠤ ᠣᠯᠠᠨ ᠲᠣᠭᠠᠨᠨ ᠤ ᠵᠣᠬᠢᠶᠠᠭᠴᠢ ᠶᠢ ᠬᠥᠮᠦᠵᠢᠭᠦᠯᠵᠡᠢ᠃ 1957 ᠣᠨ ᠳᠤ ᠪᠠᠷᠠᠭᠤᠨᠲᠠᠨ ᠢ ᠡᠰᠡᠷᠭᠦᠴᠡᠬᠦ ᠬᠥᠳᠡᠯᠭᠡᠭᠡᠨ ᠳ᠋ᠦ᠍ ᠬᠢᠯᠢᠰ ᠢᠶᠡᠷ ᠰᠢᠳᠭᠡᠭᠳᠡᠭᠰᠡᠨ ᠪᠥᠭᠡᠳ 《ᠰᠣᠶᠤᠯ ᠤ᠋ᠨ ᠶᠡᠬᠡ ᠬᠤᠪᠢᠰᠭᠠᠯ》 ᠤᠨ ᠳᠤᠮᠳᠠ ᠶᠡᠬᠡ ᠬᠣᠣᠷ ᠠᠮᠰᠠᠭᠰᠠᠨ ᠪᠣᠯᠪᠠ ᠴᠤ᠌᠂ ᠲᠡᠷᠡ ᠡᠪ ᠬᠠᠮᠲᠤ ᠵᠢᠨ ᠬᠦᠰᠡᠯᠡᠩ ᠢᠶᠡᠨ ᠥᠴᠤ᠌ᠬᠡᠨ ᠴᠤ᠌ ᠭᠤᠢᠪᠢᠯᠵᠠᠭᠤᠯᠤᠭᠰᠠᠨ ᠦᠬᠡᠶ᠂ ᠦᠨᠡᠨ ᠴᠠᠭᠠᠨ ᠢᠶᠠᠨ ᠣᠯᠤᠮᠠᠭᠴᠠ ᠮᠣᠩᠭᠤᠯ ᠰᠣᠨᠢᠨ ᠤ ᠪᠠᠨ ᠨᠠᠢᠷᠠᠭᠤᠯᠬᠤ ᠠᠵᠢᠯ ᠳᠠᠭᠠᠨ ᠵᠢᠳᠭᠦᠵᠦ᠂ ᠥᠭᠡᠷᠡᠴᠢᠯᠡᠯᠲᠡ ᠨᠡᠭᠡᠭᠡᠯᠲᠡ ᠵᠢᠨ ᠲᠤᠰᠭᠠᠢ ᠮᠡᠳᠡᠭᠡᠯᠡᠬᠦ ᠡᠬᠡ ᠪᠢᠴᠢᠭ ᠵᠣᠬᠢᠶᠠᠨ ᠪᠠᠢᠭᠤᠯᠵᠤ ᠪᠢᠴᠢᠭᠦᠯᠬᠦ ᠪᠠ ᠪᠣᠳᠠᠲᠠᠶ ᠨᠠᠢᠷᠠᠭᠤᠯᠬᠤ ᠬᠢᠨᠠᠬᠤ ᠠᠵᠢᠯ ᠳᠠᠭᠠᠨ ᠱᠠᠯᠠᠪᠳᠠᠨ ᠶᠡᠬᠡᠬᠡᠨ ᠬᠥᠯᠦᠰᠦ ᠤᠷᠤᠰᠬᠠᠵᠠᠶ᠃
Copyight 2016 by nmgmzw.gov.cn All Rights Reserved