ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠣᠷᠵᠢᠶ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠣᠷᠵᠢᠶ᠎ᠠ ( 1938—— ) ᠬᠢᠨᠠᠨ ᠨᠠᠢᠷᠠᠭᠤᠯᠤᠭᠴᠢ᠂ ᠰᠢᠨᠵᠢᠶᠠᠩ  ᠤᠨ ᠳᠦᠷᠪᠡᠯᠵᠵᠢᠨ ᠰᠢᠶᠠᠨ ᠳᠤ ᠲᠥᠷᠦᠵᠡᠢ᠃ 1959 ᠣᠨ ᠳᠤ ᠰᠢᠨᠵᠢᠶᠠᠩ  ᠤᠨ ᠮᠣᠩᠭᠤᠯ ᠪᠠᠭᠰᠢ  ᠵᠢᠨ ᠰᠤᠷᠭᠠᠭᠤᠯᠢ ᠲᠡᠭᠦᠰᠭᠡᠵᠦ᠂ ᠰᠢᠨᠵᠢᠶᠠᠩ  ᠤᠨ ᠠᠷᠠᠳ  ᠤᠨ ᠬᠡᠪᠯᠡᠯ ᠦᠨ ᠬᠣᠷᠢᠶᠠᠨ ᠳ᠋ᠤ᠌ ᠠᠵᠢᠯᠯᠠᠪᠠ᠃ ᠠᠵᠢᠯ  ᠤᠨ ᠳᠤᠮᠳᠠ ᠪᠠᠨ ᠰᠢᠨᠵᠢᠶᠠᠩ  ᠤᠨ ᠠᠵᠢᠯ  ᠤᠨ ᠴᠢᠯᠥᠭᠡᠨ ᠦ ᠶᠡᠬᠡ ᠰᠤᠷᠭᠠᠭᠤᠯᠢ  ᠵᠢᠨ ᠬᠢᠲᠠᠳ ᠬᠡᠯᠡᠨ ᠦ᠌    ᠲᠤᠰᠭᠠᠢ ᠮᠡᠷᠭᠡᠵᠢᠯ ᠦᠨ ᠠᠩᠭᠢ ᠶᠢ ᠲᠡᠭᠦᠰᠭᠡᠵᠦ ᠬᠢᠲᠠᠳ ᠮᠣᠩᠭᠤᠯ ᠬᠣᠶᠠᠷ ᠬᠡᠯᠡᠨ ᠳᠦ ᠮᠡᠷᠭᠡᠰᠢᠪᠡ᠃ ᠬᠡᠪᠯᠡᠯ ᠦᠨ ᠬᠣᠷᠢᠶᠠᠨ ᠳ᠋ᠤ᠌ ᠪᠠᠢᠬᠤ ᠳᠠᠭᠠᠨ ᠨᠠᠢᠷᠠᠭᠤᠯᠤᠭᠴᠢ᠂ ᠤᠯᠤᠰ ᠲᠦᠷᠥ ᠰᠤᠷᠭᠠᠨ ᠬᠥᠮᠦᠵᠢᠯ ᠦ᠋ᠨ ᠨᠠᠢᠷᠠᠭᠤᠯᠬᠤ ᠳᠡᠳ᠋ ᠳᠠᠷᠤᠭ᠎ᠠ᠂ ᠲᠠᠰᠤᠭ  ᠤᠨ ᠡᠷᠬᠢᠯᠡᠭᠴᠢ ᠪᠠᠢᠵᠤ ᠳᠠᠷᠠᠭ᠎ᠠ ᠨᠢ ᠮᠣᠩᠭᠤᠯ ᠨᠠᠢᠷᠠᠭᠤᠯᠬᠤ ᠬᠡᠯᠲᠡᠰ ᠦᠨ ᠡᠷᠬᠢᠯᠡᠭᠴᠢ  ᠵᠢᠨ    ᠲᠤᠰᠢᠶᠠᠯ ᠳᠤ ᠭᠠᠷᠪᠠ᠃ 30 ᠭᠠᠷᠤᠶ ᠵᠢᠯ ᠦᠨ ᠲᠦ᠍ᠷᠰᠢ ᠲᠡᠷᠡ [85 ᠲᠥᠷᠦᠯ ᠦ᠋ᠨ ᠨᠣᠮ ᠪᠢᠴᠢᠭ ᠣᠷᠴᠢᠭᠤᠯᠵᠤ ᠨᠠᠢᠷᠠᠭᠤᠯᠵᠤ ᠬᠢᠨᠠᠵᠤ ᠬᠡᠪᠯᠡᠭᠦᠯᠪᠡ᠃ ᠦᠰᠥᠭ ᠦᠨ ᠲᠣᠭ᠎ᠠ 3800 ᠲᠦᠮᠡ ᠳᠣᠯᠵᠠᠶ᠃ ᠲᠡᠭᠦᠨ ᠦ ᠬᠠᠷᠢᠭᠤᠴᠠᠵᠤ ᠨᠠᠢᠷᠠᠭᠤᠯ ᠤᠨ ᠬᠡᠪᠯᠡᠭᠦᠯᠦᠭᠰᠡᠨ 《ᠣᠢᠷᠠᠳ  ᠤᠨ ᠲᠡᠦᠬᠡᠨ ᠳᠤᠷᠠᠰᠭᠠᠯ ᠤ᠋ᠳ》 ᠭᠡᠬᠦ ᠨᠣᠮ ᠨᠢ 1994 ᠣᠨ ᠳᠤ 2 ᠳ᠋ᠤᠭᠠᠷ ᠤᠳᠠᠭᠠᠨ ᠤ ᠳᠤᠮᠳᠠᠳᠤ ᠤᠯᠤᠰ  ᠤᠨ ᠦᠨᠳᠦᠰᠦᠲᠡᠨ ᠦ ᠨᠣᠮ ᠪᠢᠴᠢᠭ ᠦᠨ ᠱᠠᠩᠨᠠᠯ ᠳᠤ 2 ᠳ᠋ᠤᠭᠠᠷ ᠲᠠᠰ  ᠤᠨ ᠱᠠᠩᠨᠠᠯ ᠬᠦᠷᠲᠡᠵᠡᠶ᠃ ᠲᠡᠭᠦᠨ ᠦ ᠨᠠᠢᠷᠠᠭᠤᠯᠵᠤ ᠬᠢᠨᠠᠭᠰᠠᠨ 《ᠳᠤᠮᠳᠠᠳᠤ ᠤᠯᠤᠰ  ᠤᠨ ᠴᠥᠭᠡᠨ ᠲᠣᠭᠠᠨᠲᠦ᠍ ᠦᠨᠳᠦᠰᠦᠲᠡᠨ ᠦ ᠬᠥᠭᠵᠢᠮᠳᠡᠭᠦᠷ ᠦ᠋ᠨ ᠪᠢᠴᠢᠭ》᠂ 《ᠳᠤᠮᠳᠠᠳᠤ ᠤᠯᠤᠰ  ᠤᠨ ᠦᠨᠳᠦᠰᠦᠲᠡᠨ ᠦ ᠠᠷᠠᠳ  ᠤᠨ ᠬᠥᠭᠵᠢᠮᠳᠡᠭᠦᠷ ᠦ᠋ᠨ ᠠᠶᠠᠯᠭᠤ  ᠵᠢᠨ ᠬᠣᠷᠵᠢᠨᠮᠵᠢ 《 ᠰᠢᠨᠵᠢᠶᠠᠩ ᠪᠣᠲᠢ )》᠂ 《ᠳᠤᠮᠳᠠᠳᠤ ᠤᠯᠤᠰ  ᠤᠨ ᠠᠷᠠᠳ  ᠤᠨ ᠳᠠᠭᠤᠤ  ᠵᠢᠨ ᠬᠤᠷᠢ ᠵᠠᠮᠵᠢ 《 ᠰᠢᠨᠵᠢᠶᠠᠩ ᠪᠣᠲᠢ )》᠂ 《ᠬᠢᠲᠠᠳ ᠮᠣᠩᠭᠤᠯ ᠨᠡᠷ᠎ᠡ ᠲᠣᠮᠢᠶᠠᠨ ᠤ ᠲᠥᠷᠦᠯ ᠬᠤᠪᠢᠶᠠᠭᠰᠠᠨ ᠲᠣᠯᠢ》᠂ 《ᠳᠤᠮᠳᠠᠳᠤ ᠤᠯᠤᠰ  ᠤᠨ ᠠᠷᠠᠳ  ᠤᠨ ᠠᠮᠠᠨ ᠵᠣᠬᠢᠶᠠᠯ  ᠤᠨ ᠭᠤᠷᠪᠠᠨ ᠢᠵᠢ ᠬᠤᠷᠢ ᠵᠠᠮᠵᠢ 《 ᠰᠢᠨᠵᠢᠶᠠᠩ ᠪᠣᠲᠢ )》᠂ 《ᠮᠣᠩᠭᠤᠯ ᠬᠢᠲᠠᠳ ᠤᠷᠠᠨ ᠵᠣᠬᠢᠶᠠᠯ  ᠤᠨ ᠬᠠᠷᠢᠴᠠᠭᠠᠨ ᠤ ᠲᠡᠦᠬᠡ》 ᠵᠡᠷᠭᠡ ᠨᠣᠮ ᠤᠷᠢᠳ ᠬᠣᠵᠢᠳ ᠤᠯᠤᠰ  ᠤᠨ ᠪᠠ ᠥᠪᠡᠷᠲᠡᠭᠡᠨ ᠵᠠᠰᠠᠬᠤ ᠣᠷᠤᠨ ᠤ᠋ ᠱᠠᠩᠨᠠᠯ ᠢ ᠬᠦᠷᠲᠡᠵᠡᠶ᠃ ᠲᠡᠷᠡ ᠪᠠᠰᠠ ᠠᠵᠢᠯ  ᠤᠨ ᠴᠢᠯᠥᠭᠡ ᠪᠡᠷ ᠢᠶᠡᠨ ᠨᠠᠢᠷᠠᠭᠤᠯᠤᠯ᠂ ᠲᠡᠮᠳᠡᠭᠯᠡᠯ᠂ ᠰᠤᠷᠪᠤᠯᠵᠢᠯᠠᠭ᠎ᠠ᠂ ᠰᠢᠯᠦᠭ᠂ ᠳᠠᠭ ᠤᠨ ᠤ ᠦᠭᠡ ᠵᠡᠷᠭᠡ 210 ᠬᠤᠪᠢ 90 ᠲᠦᠮᠡᠨ ᠦᠰᠥᠭ ᠦᠨ ᠵᠣᠬᠢᠶᠠᠯ ᠪᠢᠴᠢᠵᠦ ᠨᠠᠢᠳᠠᠯᠠᠪᠠ᠃ 《ᠮᠣᠩᠭᠤᠯ ᠳᠠᠭᠤᠤ ᠬᠥᠭᠵᠢᠮ ᠦ᠋ᠨ ᠰᠤᠳᠤᠯᠤᠯ》᠂ 《ᠲᠣᠪᠰᠢᠭᠤᠷ ᠪᠠ ᠴᠣᠭᠣᠷ  ᠤᠨ ᠠᠶᠠᠯᠭᠤ》 ᠵᠡᠷᠭᠡ ᠨᠣᠮ ᠨᠢ ᠤᠯᠤᠰ ᠣᠷᠤᠨ ᠤ᠋ ᠮᠣᠩᠭᠤᠯ ᠨᠣᠮ ᠪᠢᠴᠢᠭ ᠦᠨ ᠰᠢᠯᠭᠠᠷᠠᠭᠤᠯᠤᠯᠲᠠ ᠳᠤ ᠱᠠᠩᠨᠠᠯ ᠬᠦᠷᠲᠡᠵᠡᠶ᠃