ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳ᠋ᠤᠷᠪᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳ᠋ᠤᠷᠪᠠ ( 1936~ ) ᠬᠢᠨᠠᠨ ᠨᠠᠢᠷᠠᠭᠤᠯᠤᠭᠴᠢ᠃ ᠰᠢᠨᠵᠢᠶᠠᠩ  ᠤᠨ ᠪᠣᠷᠤᠲᠠᠯ᠎ᠠ ᠵᠧᠦ  ᠵᠢᠨ ᠪᠣᠷᠤᠲᠠᠯ᠎ᠠ ᠰᠢᠶᠠᠨ ᠳᠤ ᠲᠦᠷᠥᠪᠡ᠃ [963 ᠣᠨ ᠳᠤ ᠥᠪᠦᠷ ᠮᠣᠩᠭᠤᠯ ᠤ᠋ᠨ ᠶᠡᠬᠡ ᠰᠤᠷᠭᠠᠭᠤᠯᠢ ᠶᠢ ᠲᠡᠭᠦᠰᠭᠡᠵᠦ ᠰᠢᠨᠵᠢᠶᠠᠩ  ᠤᠨ ᠠᠷᠠᠳ  ᠤᠨ ᠬᠡᠪᠯᠡᠯ ᠦᠨ ᠬᠣᠷᠢᠶ᠎ᠠ ᠳᠤ ᠨᠠᠢᠷᠠᠭᠤᠯᠤᠭᠴᠢ  ᠵᠢᠨ ᠠᠵᠢᠯ ᠬᠢᠪᠡ᠃ 1976~ 1990 ᠣᠨ ᠤ ᠬᠣᠭᠤᠷᠤᠨᠳᠤ ᠮᠣᠩᠭᠤᠯ ᠨᠠᠢᠷᠠᠭᠤᠯᠬᠤ ᠬᠡᠯᠲᠡᠰ ᠦᠨ ᠳᠠᠷᠤᠭ᠎ᠠ ᠪᠠᠢᠵᠤ᠂ 1991 ᠣᠨ ᠳᠤ ᠬᠡᠪᠯᠡᠯ ᠦᠨ ᠬᠣᠷᠢᠶ᠎ᠠ  ᠵᠢᠨ ᠳᠡᠳ᠋ ᠶᠡᠷᠦᠩᠬᠡᠶ ᠨᠠᠢᠷᠠᠭᠤᠯᠤᠭᠴᠢ  ᠵᠢᠨ ᠲᠤᠰᠢᠶᠠᠯ ᠳᠤ ᠭᠠᠷᠴᠠᠢ᠃ 1993 ᠣᠨ ᠳᠤ ᠲᠦᠷᠥ ᠵᠢᠨ ᠶᠠᠪᠤᠳᠠᠯ  ᠤᠨ ᠬᠣᠷᠢᠶᠠᠨ ᠤ᠋ ᠣᠨᠴᠠ ᠲᠡᠳᠭᠦᠪᠦᠷᠢ ᠶ᠋ᠢ ᠬᠦᠷᠲᠡᠵᠡᠶ᠃ 30 ᠭᠠᠷᠤᠶ ᠵᠢᠯ ᠦᠨ   ᠲᠦ᠍ᠷᠰᠢ 《ᠣᠢᠷᠠᠳ  ᠤᠨ ᠲᠡᠦᠬᠡᠨ ᠳᠡᠬᠢ ᠨᠠᠷᠠ   ᠲᠦ᠍ ᠬᠥᠮᠦᠰ》᠂ 《ᠣᠢᠷᠠᠳ  ᠤᠨ ᠰᠤᠳᠤᠯᠭᠠᠨ ᠤ  ᠤᠨᠠᠭᠠᠨ ᠳᠠᠭ ᠤᠨ》 ᠭᠡᠬᠦ ᠮᠡᠲᠦ 80 ᠨᠣᠮ  ᠤᠨ ᠨᠠᠢᠷᠠᠭᠤᠯᠬᠤ ᠬᠢᠨᠠᠬᠤ ᠠᠵᠢᠯ ᠢ ᠭᠦᠢᠴᠡᠳᠭᠡᠵᠦ᠂ 《ᠮᠠᠷᠺᠰ  ᠤᠨ ᠦᠵᠡᠯ ᠦᠨ ᠭᠦᠨ ᠤᠬᠠᠭᠠᠨ ᠤ ᠬᠢᠯᠪᠠᠷᠴᠢᠯᠠᠭᠰᠠᠨ ᠰᠤᠷᠬᠤ ᠪᠢᠴᠢᠭ》᠂ 《ᠶᠠᠭᠤ ᠶᠢ ᠨᠡᠢᠭᠡᠮ ᠵᠢᠷᠤᠮ  ᠤᠨ ᠵᠠᠬ᠎ᠠ ᠳᠡᠯᠭᠡᠭᠦᠷ ᠦᠨ ᠠᠵᠤ ᠠᠬᠤᠶ ᠭᠡᠬᠦ ᠪᠣᠶ?》᠂ 《ᠳᠤᠮᠳᠠᠳᠤ ᠤᠯᠤᠰ  ᠤᠨ ᠨᠡᠢᠭᠡᠮ ᠵᠢᠷᠤᠮ  ᠤᠨ ᠠᠵᠤ ᠠᠬᠤᠶ  ᠵᠢᠨ ᠠᠰᠠᠭᠤᠳᠠᠯ ᠤᠳ  ᠤᠨ  ᠲᠤᠰᠭᠠᠢ ᠰᠤᠳᠤᠯᠤᠯ》 ᠵᠡᠷᠭᠡ l 18 ᠲᠥᠷᠦᠯ ᠦ᠋ᠨ ᠨᠣᠮ ᠪᠢᠴᠢᠭ ᠦᠨ ᠮᠣᠩᠭᠤᠯ ᠬᠢᠲᠠᠳ ᠣᠷᠴᠢᠭᠤᠯᠭ᠎ᠠ ᠶᠢ ᠬᠢᠨᠠᠵᠤ ᠡ ᠴᠤ᠌ᠰ ᠦᠨ ᠵᠠᠰᠠᠯᠲᠠ ᠬᠢᠵᠠᠶ᠃ ᠲᠡᠷᠡ ᠪᠡᠷ ᠳᠤᠮᠳᠠᠳᠤ ᠤᠯᠤᠰ  ᠤᠨ ᠮᠣᠩᠭᠤᠯ ᠬᠡᠯᠡ ᠪᠢᠴᠢᠭ ᠦᠨ ᠰᠢᠨᠵᠢᠯᠡᠭᠡᠨ ᠦ ᠨᠡᠢᠭᠡᠮᠯᠢᠭ ᠦᠨ ᠬᠡᠷᠡᠭ ᠡᠷᠬᠢᠯᠡᠭᠴᠢ᠂ ᠳᠤᠮᠳᠠᠳᠤ ᠤᠯᠤᠰ  ᠤᠨ ᠮᠣᠩᠭᠤᠯ ᠤᠳᠭ᠎ᠠ ᠵᠣᠬᠢᠶᠠᠯ  ᠤᠨ ᠰᠢᠨᠵᠢᠯᠡᠭᠡᠨ ᠦ ᠨᠡᠢᠭᠡᠮᠯᠢᠭ ᠦᠨ ᠬᠡᠷᠡᠭ ᠡᠷᠬᠢᠯᠡᠭᠴᠢ᠂ ᠪᠦᠬᠥ ᠤᠯᠤᠰ  ᠤᠨ ᠨᠠᠢ᠍ᠮᠠᠨ ᠮᠤᠵᠢ ᠣᠷᠤᠨ ᠤ᠋ ᠮᠣᠩᠭᠤᠯ ᠬᠡᠯᠡ ᠪᠢᠴᠢᠭ ᠦᠨ ᠠᠵᠢᠯ  ᠤᠨ ᠬᠠᠮᠵᠢᠯᠴᠠᠬᠤ ᠳᠡᠳ᠋ ᠭᠡᠰᠢᠭᠦᠨ᠂ ᠳᠤᠮᠳᠠᠳᠤ ᠤᠯᠤᠰ  ᠤᠨ ᠵᠢᠩᠭᠠᠷ  ᠤᠨ ᠰᠤᠳᠤᠯᠭᠠᠨ ᠤ ᠬᠤᠷᠠᠯ  ᠤᠨ ᠬᠡᠷᠡᠭ ᠡᠷᠬᠢᠯᠡᠭᠴᠢ᠂ ᠰᠢᠨᠵᠢᠶᠠᠩ  ᠤᠨ ᠬᠡᠪᠯᠡᠯ ᠦᠨ ᠠᠵᠢᠯᠲᠠᠨ ᠤ ᠨᠡᠢᠭᠡᠮᠯᠢᠭ ᠦᠨ ᠪᠠᠢᠩᠭᠤ  ᠵᠢᠨ ᠬᠡᠷᠡᠭ ᠡᠷᠬᠢᠯᠡᠭᠴᠢ ᠵᠡᠷᠭᠡ    ᠲᠤᠰᠢᠶᠠᠯ ᠢ ᠬᠠᠪᠰᠤᠷᠭᠠᠨ ᠬᠢᠵᠦ ᠪᠠᠢᠯ᠎ᠠ᠃