ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳ᠋ᠤᠵᠤᠳᠤᠷᠵᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳ᠋ᠤᠵᠤᠳᠤᠷᠵᠢ ( 1930~ ) ᠰᠡᠳᠭᠦᠯᠴᠢ᠂ ᠵᠣᠬᠢᠶᠠᠯᠴᠢ᠃ ᠮᠣᠩᠭᠤᠯ ᠤᠯᠤᠰ  ᠤᠨ ᠰᠦᠬᠡᠪᠠᠭᠠᠲᠤᠷ ᠠᠢᠭᠬ  ᠤᠨ ᠮᠥᠩᠬᠡ ᠬᠠᠭᠠᠨ ᠰᠤᠮᠤ  ᠵᠢᠨ ᠨᠤᠲᠤᠭ    ᠲᠦ᠍ ᠲᠥᠷᠦᠵᠡᠢ᠃ ᠬᠡᠨᠲᠡᠶ ᠳᠦ ᠳᠤᠮᠳᠠᠳᠤ ᠰᠤᠷᠭᠠᠭᠤᠯᠢ᠂ ᠤᠯᠠᠭᠠᠨᠪᠠᠭᠠᠲᠤᠷ    ᠲᠦ᠍ ᠴᠡᠷᠢᠭ ᠦᠨ ᠨᠢᠭᠡᠳᠦᠭᠰᠡᠨ ᠲᠥᠪ ᠰᠤᠷᠭᠠᠭᠤᠯᠢ ᠶᠢ ᠲᠤᠰ ᠲᠤᠰ ᠲᠡᠭᠦᠰᠦᠭᠡᠳ ᠠᠵᠢᠯ ᠳᠤ ᠭᠠᠷ ᠴᠤ᠌ ᠠᠵᠢᠯᠯᠠᠭᠰᠠᠨ ᠢᠶᠠᠨ 1955—— 196l ᠣᠨ ᠤ ᠬᠣᠭᠤᠷᠤᠨᠳᠤ ᠮᠤᠰᠺᠸᠠ ᠳ᠋ᠤ᠌ ᠵᠥᠪᠯᠡᠯᠲᠦ ᠬᠣᠯᠪᠤᠭᠠᠨ   ᠲᠦ᠍ ᠤᠯᠤᠰ  ᠤᠨ ᠺᠢᠨᠣ᠋  ᠵᠢᠨ ᠳᠡᠭᠡᠳᠦ ᠰᠤᠷᠭᠠᠭᠤᠯᠢ ᠳᠤ ᠳᠠᠪᠰᠢᠨ ᠰᠤᠷᠤᠯᠴᠠᠵᠤ᠂ 196l ᠣᠨ ᠠᠴᠠ 《ᠮᠣᠩᠭᠤᠯ ᠺᠢᠨᠣ᠋》 ᠦᠢᠯᠡᠳᠪᠦᠷᠢ ᠳᠦ ᠶᠡᠷᠦᠩᠬᠡᠶ ᠷᠸᠳᠠᠺᠲ᠋ᠤᠷ ᠢᠶᠠᠷ ᠠᠵᠢᠯᠯᠠᠵᠠᠶ᠃ 1966 ᠣᠨ  ᠳᠤ ᠮᠤᠰᠺᠸᠠ ᠳ᠋ᠤ᠌ ᠺᠢᠨᠣ᠋ ᠨᠠᠢᠷᠠᠭᠤᠯᠤᠭᠴᠢ  ᠵᠢᠨ ᠭᠦᠷᠡᠰ ᠲᠦ ᠰᠤᠷᠤᠯᠴᠠᠵᠤ ᠲᠡᠭᠦᠰᠦᠭᠡᠳ᠂ ᠮᠣᠩᠭᠤᠯ ᠤᠯᠤᠰ  ᠤᠨ ᠲᠧᠯᠸᠢᠰ ᠦᠨ ᠠᠩᠬ᠎ᠠ ᠡᠭᠦᠰᠦᠨ ᠪᠠᠢᠭᠤᠯᠬᠤ ᠠᠵᠢᠯ ᠳᠤ ᠣᠷᠤᠯᠴᠠᠨ ᠰᠤᠷᠪᠤᠯᠵᠢᠯᠠᠭᠴᠢ᠂ ᠬᠠᠷᠢᠭᠤᠴᠠᠯᠭᠠᠲᠦ᠍ ᠷᠸᠳᠠᠺᠲ᠋ᠤᠷ ᠢᠶᠠᠷ ᠠᠵᠢᠯᠯᠠᠵᠤ᠂ 《 ᠺᠢᠨᠣ᠋ ᠳᠡᠯᠭᠡᠴᠡ》᠂ 《ᠲᠣᠭᠣᠷᠵᠢᠨ ᠠᠶᠠᠯᠠᠯ》᠂ 《ᠠᠮᠢᠲᠠᠨ ᠤ ᠶᠢᠷᠲᠢᠨᠴᠦ》᠂ 《ᠲᠡᠦᠬᠡ  ᠵᠢᠨ ᠡᠮᠦᠨ᠎ᠡ ᠬᠦᠯᠢᠶᠡᠬᠦ ᠬᠠᠷᠢᠭᠤᠴᠠᠯᠭ᠎ᠠ》 ᠵᠡᠷᠭᠡ ᠪᠤᠯᠤᠩ ᠭᠠᠷᠭᠠᠵᠤ᠂  ᠴᠤ᠌ᠪᠤᠷᠠᠯ ᠨᠡᠪᠲᠡᠷᠡᠭᠦᠯᠭᠡ ᠵᠣᠬᠢᠶᠠᠨ ᠪᠠᠢᠭᠤᠯᠵᠤ᠂ ᠬᠥᠲᠦᠯᠦᠨ ᠳᠠᠭᠠᠭᠠᠮᠠᠯ ᠢᠶᠠᠷ ᠨᠡᠪᠲᠡᠷᠡᠭᠦᠯᠦᠭᠡᠳ ᠶᠡᠬᠡ ᠨᠡᠷ᠎ᠡ ᠭᠠᠷᠴᠠᠢ᠃ ᠲᠡᠷᠡ ᠪᠠᠰᠠ 《ᠰᠥᠨᠢ   ᠵᠢᠨ ᠵᠣᠴᠢᠨ》 《    ᠲᠤᠭᠤᠵᠢ )᠂ 《ᠰᠡᠳᠭᠢᠯ ᠦ᠋ᠨ ᠨᠢᠭᠤᠴᠠ》 《    ᠲᠤᠭᠤᠵᠢ )᠂ 《ᠦᠶᠡᠷ》 《 ᠺᠢᠨᠣ᠋ )᠂ 《ᠬᠦᠷᠭᠡᠨ ᠬᠦᠦ》 ( ᠺᠢᠨᠣ᠋ ) ᠵᠡᠷᠭᠡ ᠪᠦᠲᠦᠭᠡᠯ ᠲᠡᠢ ᠪᠢᠯᠡ᠃