ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳ᠋ᠧᠴᠢᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳ᠋ᠧᠴᠢᠨ ( 1923~ 2001 ) ᠨᠠᠢᠷᠠᠭᠤᠯᠤᠭᠴᠢ᠂ ᠣᠷᠴᠢᠭᠤᠯᠤᠭᠴᠢ᠃ ᠥᠪᠦᠷ ᠮᠣᠩᠭᠤᠯ ᠤ᠋ᠨ ᠵᠣᠣ ᠤᠳᠠ ᠠᠢᠮᠠᠭ  ᠤᠨ ᠠᠷᠤ ᠬᠣᠷᠴᠢᠨ ᠬᠣᠰᠢᠭᠤᠨ ᠳᠤ ᠲᠥᠷᠦᠵᠡᠢ᠃ ᠤᠷᠢᠳ ᠬᠣᠵᠢᠳ ᠤᠯᠠᠭᠠᠨᠬᠣᠲᠠ  ᠵᠢᠨ ᠬᠢᠩᠭᠠᠨ ᠳᠡᠭᠡᠳᠦ ᠰᠤᠷᠭᠠᠭᠤᠯᠢ᠂ ᠥᠪᠦᠷ ᠮᠣᠩᠭᠤᠯ ᠤ᠋ᠨ ᠨᠠᠮ  ᠤᠨ ᠰᠤᠷᠭᠠᠭᠤᠯᠢ᠂ ᠯᠢᠨᠳᠦ᠋ᠩ  ᠤᠨ ᠪᠠᠭᠰᠢ  ᠵᠢᠨ ᠪᠣᠯᠪᠠᠰᠤᠷᠠᠯ  ᠤᠨ ᠠᠩᠭᠢ᠂ ᠠᠷᠤ ᠬᠣᠷᠴᠢᠨ ᠬᠣᠰᠢᠭᠤᠨ ᠤ ᠵᠠᠰᠠᠭ  ᠤᠨ ᠣᠷᠳᠤᠨ ᠤ᠋ ᠪᠠᠭᠰᠢ  ᠵᠢᠨ ᠪᠣᠯᠪᠠᠰᠤᠷᠠᠯ  ᠤᠨ ᠠᠩᠭᠢ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠵᠠᠰᠠᠭ  ᠤᠨ ᠣᠷᠳᠤᠨ ᠤ᠋ ᠰᠣᠶᠤᠯ ᠰᠤᠷᠭᠠᠨ ᠬᠥᠮᠦᠵᠢᠯ ᠦ᠋ᠨ ᠬᠡᠯᠲᠡᠰ ᠦᠨ ᠨᠠᠢᠷᠠᠭᠤᠯᠬᠤ᠂ ᠣᠷᠴᠢᠭᠤᠯᠬᠤ ᠠᠵᠢᠯᠲᠠᠳ  ᠤᠨ ᠪᠣᠯᠪᠠᠰᠤᠷᠠᠯ  ᠤᠨ ᠠᠩᠭᠢ ᠳᠤ ᠰᠤᠷᠤᠯᠴᠠᠵᠠᠶ᠃ 1945 ᠣᠨ ᠤ 11 ᠰᠠᠷ᠎ᠠ ᠳᠤ ᠬᠤᠪᠢᠰᠭᠠᠯ ᠤ᠋ᠨ ᠠᠵᠢᠯ ᠳᠤ ᠣᠷᠤᠯᠴᠠᠵᠤ ᠠᠷᠤ ᠬᠣᠷᠴᠢᠨ ᠬᠣᠰᠢᠭᠤᠨ ᠤ ᠬᠣᠨᠳᠣ ᠪᠦᠷᠢᠨ ᠪᠠᠭ᠎ᠠ ᠰᠤᠷᠭᠠᠭᠤᠯᠢ᠂ ᠴᠢᠪᠠᠭᠠᠨ ᠰᠦᠮ᠎ᠡ  ᠵᠢᠨ ᠬᠣᠲᠠ ᠪᠠᠯᠭᠠᠰ ᠤᠨ ᠤ ᠪᠠᠭ᠎ᠠ ᠰᠤᠷᠭᠠᠭᠤᠯᠢ ᠳᠤ ᠪᠠᠭᠰᠢ᠂ ᠰᠤᠷᠭᠠᠭᠤᠯᠢ  ᠵᠢᠨ ᠵᠠᠬᠢᠷᠤᠯ ᠪᠠᠢᠭᠰᠠᠨ ᠠᠴᠠ ᠪᠠᠨ ᠠᠷᠤ ᠬᠣᠷᠴᠢᠨ ᠬᠣᠰᠢᠭᠤᠨ ᠤ ᠵᠠᠰᠠᠭ  ᠤᠨ ᠣᠷᠳᠤᠨ ᠳ᠋ᠤ᠌ ᠠᠵᠢᠯᠯᠠᠵᠤ᠂ 1951 ᠣᠨ ᠳᠤ ᠬᠡᠪᠯᠡᠯ ᠦᠨ ᠠᠵᠢᠯ ᠳᠤ ᠣᠷᠤᠯᠴᠠᠵᠤ᠂ ᠣᠷᠴᠢᠭᠤᠯᠤᠭᠴᠢ᠂ ᠨᠠᠢᠷᠠᠭᠤᠯᠤᠭᠴᠢ᠂ ᠳᠡᠳ᠋ ᠶᠡᠷᠦᠩᠬᠡᠶ ᠨᠠᠢᠷᠠᠭᠤᠯᠤᠭᠴᠢ  ᠵᠢᠨ ᠠᠵᠢᠯ ᠬᠠᠷᠢᠭᠤᠴᠠᠵᠤ ᠶᠠᠪᠤᠵᠠᠢ᠃ ᠰᠢᠷᠭᠠᠭᠤ ᠬᠠᠲᠠᠭᠤᠵᠢᠯᠲᠠᠶ᠂ ᠨᠠᠷᠢᠨ ᠬᠢᠨᠠᠮᠠᠭᠠᠢ ᠪᠠᠷ ᠡᠷᠬᠢᠯᠡᠭᠰᠡᠨ ᠠᠵᠢᠯ ᠳᠠᠭᠠᠨ ᠰᠢᠮᠳᠠᠵᠤ ᠴᠢᠷᠮᠠᠢᠭᠰᠠᠨ ᠢᠶᠠᠷ ᠵᠢᠱ᠌ᠢᠶᠡᠴᠢ ᠪᠠᠭᠰᠢ ᠪᠠᠷ ᠰᠣᠩᠭᠤᠭᠳᠠᠵᠤ᠂ ᠮᠣᠩᠭᠤᠯ ᠬᠡᠯᠡ ᠪᠢᠴᠢᠭ ᠢ ᠰᠤᠷ ᠴᠤ᠌ ᠬᠡᠷᠡᠭᠯᠡᠭᠰᠡᠨ ᠱᠠᠩᠨᠠᠯ ᠢ ᠭᠤᠷᠪᠠᠨᠲᠠ ᠲᠦ᠍ᠰᠴᠤ᠌ ᠪᠢᠯᠡ᠃ ᠶᠠᠫᠣᠨ ᠬᠡᠯᠡ᠂ ᠬᠢᠲᠠᠳ ᠬᠡᠯᠡ᠂ ᠰᠯᠠᠹᠠ ᠦᠰᠥᠭ ᠢ  ᠴᠤ᠌ ᠰᠠᠵᠢᠨ ᠰᠤᠷ ᠴᠤ᠌ ᠣᠷᠴᠢᠭᠤᠯᠬᠤ ᠠᠵᠢᠯ ᠳᠤ ᠰᠠᠭᠤᠷᠢ ᠲᠠᠯᠪᠢᠵᠤ᠂ ᠡᠮᠦᠨ᠎ᠡ ᠬᠣ ᠰᠢᠨ᠎ᠡ 《ᠳᠤᠮᠳᠠᠳᠤ ᠤᠯᠤᠰ  ᠤᠨ ᠬᠤᠪᠢᠰᠭᠠᠯ ᠤ᠋ᠨ  ᠲᠤᠰᠭᠠᠢ ᠤᠩᠰᠢᠬᠤ ᠪᠢᠴᠢᠭ》᠂ 《ᠤᠷᠤᠭ ᠪᠠᠷᠢᠯᠳᠤᠬᠤ》᠂ 《ᠪᠠᠭᠠ ᠴᠤ᠌ᠳ  ᠤᠨ ᠪᠠᠢᠭᠠᠯᠢ  ᠵᠢᠨ ᠰᠢᠨᠵᠢᠯᠡᠬᠦ ᠤᠬᠠᠭᠠᠨ ᠤ   ᠲᠦ᠍ᠷᠰᠢᠯᠲᠠ》᠂ 《ᠭᠠᠵᠠᠷ  ᠤᠨ ᠪᠥᠮᠪᠦᠷᠴᠡᠭ ᠳᠡᠭᠡᠷᠡᠬᠢ ᠲᠠᠪ ᠤᠨ ᠪᠦᠰᠡ》᠂ 《ᠶᠧ ᠰ᠌ᠧᠩ ᠳᠣᠣ  ᠵᠢᠨ ᠬᠡᠦᠬᠡᠳ ᠦ᠋ᠨ ᠲᠣᠮᠣᠭ  ᠤᠨ ᠰᠣᠩᠭᠤᠮᠠᠯ》᠂ 《ᠪᠣᠷᠤᠭ᠎ᠠ᠂ ᠴᠠᠰᠤ᠂ ᠮᠦᠨᠳᠥᠷ》᠂ 《ᠶᠠᠫᠣᠨ ᠬᠡᠯᠡᠨ ᠦ ᠬᠡᠯᠡ ᠪᠢᠴᠢᠭ》 ᠵᠡᠷᠭᠡ ᠨᠣᠮ ᠵᠣᠬᠢᠶᠠᠯ ᠢ ᠣᠷᠴᠢᠭᠤᠯᠤᠭᠰᠠᠨ ᠠᠴᠠ ᠭᠠᠳᠠᠨ᠎ᠠ ᠬᠢᠲᠠᠳ ᠬᠡᠯᠡᠨ ᠦ 《ᠮᠠᠤ ᠽᠸ ᠳ᠋ᠦᠩ ᠦᠨ ᠰᠣᠩᠭᠤᠮᠠᠯ ᠵᠣᠬᠢᠶᠠᠯ》 ( ——4 ᠪᠣᠲᠢ ) ᠢ ᠮᠣᠩᠭᠤᠯᠴᠢᠯᠠᠬᠤ ᠬᠢᠨᠠᠬᠤ ᠠᠵᠢᠯ ᠳᠤ ᠣᠷᠣᠯᠴᠠᠵᠠᠶ᠃