ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠡᠯᠭᠡᠷ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠡᠯᠭᠡᠷ ( 1917 —— 1996 ) ᠰᠣᠨᠢᠨ ᠮᠡᠳᠡᠭᠡᠨ ᠦ ᠨᠠᠢᠷᠠᠭᠤᠯᠤᠭᠴᠢ᠃ ᠥᠪᠦᠷ ᠮᠣᠩᠭᠤᠯ ᠤ᠋ᠨ ᠬᠡᠰᠢᠭᠲᠡᠨ ᠬᠣᠰᠢᠭᠤᠨ ᠤ ᠬᠥᠮᠦᠨ᠃ 1936 ᠣᠨ ᠤ ᠬᠠᠪᠤᠷ ᠸᠠᠩ  ᠤᠨ ᠰᠦᠮ᠎ᠡ ( ᠣᠳᠣᠬᠢ ᠤᠯᠠᠭᠠᠨᠬᠣᠲᠠ ) ᠳᠠᠬᠢ ᠬᠢᠩᠭᠠᠨ ᠳᠡᠭᠡᠳᠦ ᠰᠤᠷᠭᠠᠭᠤᠯᠢ ᠳᠤ ᠰᠢᠯᠭᠠᠨ ᠣᠷᠤᠵᠤ᠂ ᠪᠠᠭᠰᠢ  ᠵᠢᠨ ᠠᠩᠭᠢ ᠳᠤ 5 ᠵᠢᠯ ᠰᠤᠷᠤᠯᠴᠠᠵᠤ᠂ ᠲᠡᠭᠦᠰᠦᠭᠰᠡᠨ ᠦ ᠳᠠᠷᠠᠭ᠎ᠠ ᠲᠤᠰ ᠰᠤᠷᠭᠠᠭᠤᠯᠢ ᠳᠤ ᠦᠯᠡᠳᠡᠵᠦ ᠪᠠᠭᠰᠢᠯᠠᠪᠠ᠃ 1945 ᠣᠨ ᠤ 8 ᠰᠠᠷ᠎ᠠ ᠳᠤ ᠥᠪᠦᠷ ᠮᠣᠩᠭᠤᠯ ᠤ᠋ᠨ ᠬᠤᠪᠢᠰᠭᠠᠯ   ᠲᠦ᠍ ᠵᠠᠯᠠᠭᠤ ᠴᠤ᠌ᠳ  ᠤᠨ ᠡᠪᠯᠡᠯ ᠳᠦ ᠣᠷᠤᠵᠤ᠂ 《ᠵᠡᠭᠦᠨ ᠮᠣᠩᠭᠤᠯ ᠣᠷᠤᠨ ᠤ᠋ ᠵᠠᠯᠠᠭᠤ ᠴᠤ᠌ᠳ  ᠤᠨ ᠡᠪᠯᠡᠯ ᠦᠨ ᠲᠥᠪ ᠬᠣᠷᠢᠶᠠᠨ》 ᠤ ᠪᠠᠢᠩᠭᠤ  ᠵᠢᠨ ᠭᠡᠰᠢᠭᠦᠨ ᠢᠶᠡᠷ ᠰᠣᠩᠭᠤᠭᠳᠠᠪᠠ᠃ 1946 ᠣᠨ ᠤ 5 ᠰᠠᠷ᠎ᠠ ᠳᠤ ᠳᠣᠲᠤᠭᠠᠳᠤ ᠮᠣᠩᠭᠤᠯ ᠤ᠋ᠨ ᠥᠪᠡᠷᠲᠡᠭᠡᠨ ᠵᠠᠰᠠᠬᠤ ᠬᠥᠲᠦᠯᠪᠦᠷᠢ   ᠵᠢᠨ ᠬᠣᠯᠪᠤᠭᠠᠨ ᠲᠦ᠍ ᠬᠤᠷᠠᠯ》  ᠤᠨ ᠵᠡᠭᠦᠨ ᠮᠣᠩᠭᠤᠯ ᠤ᠋ᠨ ᠶᠡᠷᠦᠩᠬᠡᠶ ᠬᠤᠪᠢᠶᠠᠷᠢ ᠬᠤᠷᠠᠯ  ᠤᠨ ᠭᠡᠰᠢᠭᠦᠨ ᠢᠶᠡᠷ ᠰᠣᠩᠭᠤᠭᠳᠠᠵᠤ᠂ ᠤᠳᠠᠯ ᠦᠬᠡᠶ ᠬᠢᠩᠭᠠᠨ ᠮᠤᠵᠢ  ᠵᠢᠨ ᠵᠠᠰᠠᠭ  ᠤᠨ ᠣᠷᠳᠤᠨ ᠤ᠋ ᠨᠠᠷᠢᠨ ᠪᠢᠴᠢᠭ ᠦᠨ ᠰᠠᠯᠠᠭᠠᠨ ᠳᠠᠷᠤᠭ᠎ᠠ ᠪᠠᠷ ᠲᠣᠮᠢᠯᠠᠭᠳᠠᠪᠠ᠃ ᠮᠥᠨ ᠵᠢᠯ ᠳᠦ ᠬᠠᠢᠯᠠᠷ    ᠲᠦ᠍ ᠪᠠᠭᠰᠢ  ᠵᠢᠨ ᠰᠤᠷᠭᠠᠭᠤᠯᠢ ᠪᠠᠢᠭᠤᠯᠤᠭᠳᠠᠭᠰᠠᠨ ᠳᠤ ᠪᠠᠭᠰᠢ ᠪᠠᠷ ᠠᠵᠢᠯᠯᠠᠪᠠ᠃ ᠬᠣᠵᠢᠮ ᠨᠢ ᠬᠥᠯᠦᠨ ᠪᠤᠢᠷ ᠤ᠋ᠨ ᠭᠠᠵᠠᠷ ᠣᠷᠤᠨ ᠤ᠋ ᠥᠪᠡᠷᠲᠡᠭᠡᠨ ᠵᠠᠰᠠᠬᠤ ᠵᠠᠰᠠᠭ  ᠤᠨ ᠣᠷᠳᠤᠨ ᠤ᠋ ᠰᠤᠷᠭᠠᠨ ᠬᠥᠮᠦᠵᠢᠯ ᠦ᠋ᠨ ᠰᠠᠯᠠᠭᠠᠨ ᠳᠠᠷᠤᠭ᠎ᠠ᠂ ᠵᠠᠰᠠᠭ  ᠤᠨ ᠣᠷᠳᠤᠨ ᠤ᠋ ᠨᠠᠷᠢᠨ ᠪᠢᠴᠢᠭ ᠦᠨ ᠰᠠᠯᠠᠭᠠᠨ ᠳᠠᠷᠤᠭ᠎ᠠ᠂ ᠳᠣᠲᠤᠭᠠᠳᠤ ᠶ᠋ᠢ ᠬᠠᠮᠠᠭᠠᠯᠠᠬᠤ ᠭᠠᠵᠠᠷ  ᠤᠨ ᠳᠠᠷᠤᠭ᠎ᠠ ᠵᠡᠷᠭᠡ    ᠲᠤᠰᠢᠶᠠᠯ ᠬᠠᠷᠢᠭᠤᠴᠠᠪᠠ᠃ 1946 ᠣᠨ ᠤ 7 ᠰᠠᠷ᠎ᠠ ᠳᠤ ᠳᠤᠮᠳᠠᠳᠤ ᠤᠯᠤᠰ  ᠤᠨ ᠡᠪ ᠬᠠᠮᠲᠤ ᠨᠠᠮ ᠳᠤ ᠣᠷᠤᠪᠠ᠃ 1949 ᠣᠨ ᠳᠤ ᠬᠥᠯᠦᠨ ᠪᠤᠢᠷ ᠠᠢᠮᠠᠭ  ᠤᠨ ᠡᠪ ᠬᠠᠮᠲᠤ ᠨᠠᠮ  ᠤᠨ ᠠᠵᠢᠯ  ᠤᠨ ᠺᠣᠮᠢᠰ  ᠤᠨ ᠭᠡᠰᠢᠭᠦᠨ ᠪᠣᠯᠵᠤ᠂ 1952 ᠣᠨ ᠠᠴᠠ 1954 ᠣᠨ ᠤ ᠬᠣᠭᠤᠷᠤᠨᠳᠤ ᠬᠥᠯᠦᠨ ᠨᠤᠨ ᠠᠢᠮᠠᠭ  ᠤᠨ ᠠᠷᠠᠳ  ᠤᠨ ᠵᠠᠰᠠᠭ  ᠤᠨ ᠣᠷᠳᠤᠨ ᠤ᠋ ᠳᠡᠳ᠋ ᠳᠠᠷᠤᠭ᠎ᠠ᠂ ᠥᠪᠦᠷ ᠮᠣᠩᠭᠤᠯ ᠤ᠋ᠨ ᠵᠡᠭᠦᠨ ᠣᠷᠤᠨ ᠤ᠋ ᠨᠠᠮ  ᠤᠨ ᠬᠣᠷᠢᠶᠠᠨ ᠤ᠋ ᠮᠠᠯ ᠲᠠᠷᠢᠶᠠᠯᠠᠩ  ᠤᠨ ᠬᠡᠯᠲᠡᠰ ᠦᠨ ᠳᠡᠳ᠋ ᠳᠠᠷᠤᠭ᠎ᠠ ᠪᠣᠯᠵᠤ᠂ 1954 ᠣᠨ ᠳᠤ ᠬᠥᠯᠦᠨ ᠪᠤᠢᠷ ᠠᠢᠮᠠᠭ  ᠤᠨ ᠳᠠᠷᠤᠭ᠎ᠠ ᠪᠣᠯᠵᠠᠢ᠃ 1959 ᠣᠨ ᠳᠤ ᠥᠪᠦᠷ ᠮᠣᠩᠭᠤᠯ ᠤ᠋ᠨ ᠡᠳᠦᠷ ᠦᠨ ᠰᠣᠨᠢᠨ ᠤ ᠬᠣᠷᠢᠶᠠᠨ ᠤ᠋ ᠳᠡᠳ᠋ ᠬᠣᠷᠢᠶᠠᠨ ᠳᠠᠷᠤᠭ᠎ᠠ ᠪᠥᠭᠡᠳ ᠲᠤᠰ ᠰᠣᠨᠢᠨ ᠤ ᠮᠣᠩᠭᠤᠯ ᠬᠡᠪᠯᠡᠯ ᠦᠨ ᠶᠡᠷᠦᠩᠬᠡᠶ ᠨᠠᠢᠷᠠᠭᠤᠯᠤᠭᠴᠢ ᠪᠠᠷ ᠲᠣᠮᠢᠯᠠᠭᠳᠠᠪᠠ᠃ 1962 ᠣᠨ ᠳᠤ ᠥᠪᠦᠷ ᠮᠣᠩᠭᠤᠯ ᠤ᠋ᠨ ᠡᠳᠦᠷ ᠦᠨ ᠰᠣᠨᠢᠨ ᠤ ᠬᠣᠷᠢᠶᠠᠨ ᠤ᠋ ᠨᠠᠮ  ᠤᠨ ᠤᠳᠤᠷᠢᠳᠬᠤ ᠳᠡᠳ᠋ ᠱᠦᠵᠢ᠂ ᠶᠡᠷᠦᠩᠬᠡᠶ ᠨᠠᠢᠷᠠᠭᠤᠯᠤᠭᠴᠢ  ᠵᠢᠨ    ᠲᠤᠰᠢᠶᠠᠯ ᠢ ᠬᠠᠷᠢᠭᠤᠴᠠᠪᠠ᠃ 《ᠰᠣᠶᠤᠯ ᠤ᠋ᠨ ᠶᠡᠬᠡ ᠬᠤᠪᠢᠰᠭᠠᠯ》  ᠤᠨ ᠳᠠᠷᠠᠭ᠎ᠠ᠂ ᠥᠪᠦᠷ ᠮᠣᠩᠭᠤᠯ ᠤ᠋ᠨ ᠡᠳᠦᠷ ᠦᠨ ᠰᠣᠨᠢᠨ ᠤ ᠬᠣᠷᠢᠶᠠᠨ ᠤ᠋ ᠨᠠᠮ  ᠤᠨ ᠬᠣᠷᠢᠶᠠᠨ ᠤ᠋ ᠭᠡᠰᠢᠭᠦᠨ᠂ ᠰᠣᠨᠢᠨ ᠤ ᠬᠣᠷᠢᠶᠠᠨ ᠤ᠋ ᠳᠡᠳ᠋ ᠳᠠᠷᠤᠭ᠎ᠠ ᠪᠣᠯᠵᠤ᠂ ᠮᠣᠩᠭᠤᠯ ᠰᠣᠨᠢᠨ ᠤ ᠠᠵᠢᠯ ᠢ ᠬᠤᠪᠢᠲᠠᠨ ᠬᠠᠷᠢᠭᠤᠴᠠᠪᠠ᠃ ᠨᠠᠮ  ᠤᠨ ᠰᠣᠨᠢᠨ ᠤ ᠨᠢᠭᠡ ᠬᠠᠷᠢᠭᠤᠴᠠᠯᠭᠠᠲᠠᠨ ᠪᠣᠯᠤᠭᠰᠠᠨ ᠤ᠋ ᠬᠤᠪᠢ ᠳᠤ ᠲᠡᠷᠡ ᠢᠮᠠᠭᠲᠠ ᠨᠠᠮᠴᠢ ᠴᠢᠨᠠᠷ  ᠤᠨ ᠵᠠᠷᠴᠢᠮ ᠢ ᠪᠠᠷᠢᠮᠲᠠᠯᠠᠵᠤ᠂ ᠶᠠᠷᠢᠶ᠎ᠠ ᠬᠡᠯᠡᠯᠴᠡᠭᠡᠨ ᠦ ᠵᠥᠪ ᠤᠳᠤᠷᠢᠳᠤᠮᠵᠢ ᠶᠢ ᠬᠢᠴᠢᠶᠡᠨ᠂ ᠪᠦᠬᠥ ᠨᠠᠮ ᠰᠣᠨᠢᠨ ᠡᠷᠬᠢᠯᠡᠬᠦ ᠣᠯᠠᠨ ᠲᠦᠮᠡᠨ ᠰᠣᠨᠢᠨ ᠡᠷᠬᠢᠯᠡᠬᠦ ᠴᠢᠭᠯᠡᠯᠲᠡ ᠶᠢ ᠳᠣᠣᠰ᠌ᠯᠠᠭᠤᠯᠵᠤ᠂ ᠥᠪᠦᠷ ᠮᠣᠩᠭᠤᠯ ᠤ᠋ᠨ ᠡᠳᠦᠷ ᠦᠨ ᠰᠣᠨᠢᠨ᠂ ᠢᠯᠠᠩᠭᠤᠶ᠎ᠠ ᠮᠣᠩᠭᠤᠯ ᠰᠣᠨᠢᠨ ᠢ ᠰᠠᠢᠲᠤᠷ ᠡᠷᠬᠢᠯᠡᠬᠦ ᠳᠦ ᠬᠤᠪᠢ ᠨᠡᠮᠡᠷᠢ ᠦᠵᠡᠭᠦᠯᠪᠡ᠃ 《ᠨᠤᠲᠤᠭ  ᠤᠨ ᠰᠢᠨ᠎ᠡ ᠪᠠᠢᠳᠠᠯ》᠂ 《ᠡᠮᠦᠨᠡᠲᠦ ᠣᠷᠤᠨ ᠤ᠋ ᠥᠩᠭᠡ ᠦᠵᠡᠮᠵᠢ》 ᠵᠡᠷᠭᠡ ᠰᠤᠷᠪᠤᠯᠵᠢᠯᠠᠭ᠎ᠠ᠂ ᠨᠠᠢᠷᠠᠭᠤᠯᠤᠯ ᠢᠶᠠᠨ ᠰᠣᠨᠢᠨ ᠳᠡᠭᠡᠷ᠎ᠡ ᠨᠡᠢᠲᠡᠯᠡᠭᠦᠯᠵᠦ᠂ 《ᠥᠪᠦᠷ ᠮᠣᠩᠭᠤᠯ ᠤ᠋ᠨ ᠡᠳᠦᠷ ᠦᠨ ᠰᠣᠨᠢᠨ ᠤ ᠬᠣᠷᠢᠶᠠᠨ ᠳ᠋ᠤ᠌ ᠠᠵᠢᠯᠯᠠᠵᠤ ᠪᠠᠢᠭᠰᠠᠨ ᠬᠡᠰᠡᠭ ᠪᠤᠰᠠᠭ ᠳᠤᠷᠠᠰᠤᠮᠵᠢ》᠂ 《ᠰᠢᠨ᠎ᠡ ᠪᠠᠢᠳᠠᠯ ᠢ ᠲᠦ᠍ᠰᠬᠠᠵᠤ ᠰᠣᠨᠢᠨ ᠤ ᠦᠢᠯᠡᠳᠦᠯ ᠢ ᠪᠠᠳᠠᠷᠠᠭᠤᠯᠰᠤᠭᠠᠢ —— ᠥᠪᠦᠷ ᠮᠣᠩᠭᠤᠯ ᠤ᠋ᠨ ᠡᠳᠦᠷ ᠦᠨ ᠰᠣᠨᠢᠨ ᠮᠡᠨᠳᠦᠯᠡᠭᠰᠡᠨ 40 ᠵᠢᠯ ᠦᠨ ᠣᠶ ᠶᠢ ᠳᠤᠷᠠᠰᠭᠠᠪᠠ》 ᠵᠡᠷᠭᠡ ᠥᠭᠦᠯᠡᠯ ᠢ᠋ᠶ᠋ᠡᠨ ᠬᠣ ᠴᠤ᠌ᠷᠭᠠᠵᠤ᠂ ᠮᠣᠩᠭᠤᠯ ᠰᠣᠨᠢᠨ ᠤ ᠲᠡᠦᠬᠡ ᠶᠢ ᠰᠤᠳᠤᠯᠬᠤ ᠳᠤ ᠮᠠᠲ᠋ᠧᠷᠢᠶᠠᠯ ᠬᠠᠩᠭᠠᠪᠠ᠃ 1960 ᠣᠨ ᠳᠤ ᠳᠤᠮᠳᠠᠳᠤ ᠤᠯᠤᠰ  ᠤᠨ ᠰᠣᠨᠢᠨ ᠮᠡᠳᠡᠭᠡᠨ ᠦ ᠲᠥᠯᠦᠭᠡᠯᠡᠭᠴᠢ   ᠵᠢᠨ ᠪᠦᠯᠬᠦᠮ ᠳᠦ ᠣᠷᠤᠯᠴᠠᠨ ᠬᠠᠩᠭᠠᠷᠢ ᠤᠯᠤᠰ ᠢᠶᠠᠷ ᠠᠢᠯᠴᠢᠯᠠᠵᠤ᠂ ᠪᠤᠴᠠᠵᠤ ᠢᠷᠡᠬᠦ ᠵᠠᠮ ᠳᠠᠭᠠᠨ ᠵᠥᠪᠯᠡᠯᠲᠦ ᠬᠣᠯᠪᠤᠭᠠᠨ   ᠲᠦ᠍ ᠤᠯᠤᠰ  ᠤᠨ ᠣᠯᠠᠨ ᠨᠠᠷᠠ   ᠲᠦ᠍ ᠬᠣᠲᠠ ᠪᠠᠷ ᠲᠣᠭᠣᠷᠵᠢᠨ ᠰᠤᠷᠪᠤᠯᠵᠢᠯᠠᠪᠠ᠃ ᠳᠤᠮᠳᠠᠳᠤ ᠤᠯᠤᠰ  ᠤᠨ ᠰᠤᠷᠪᠤᠯᠵᠢᠯᠠᠭᠴᠢᠳ  ᠤᠨ ᠨᠡᠢᠭᠡᠮᠯᠢᠭ ᠦᠨ ᠪᠠᠢᠩᠭᠤ  ᠵᠢᠨ ᠬᠡᠷᠡᠭ ᠡᠷᠬᠢᠯᠡᠭᠴᠢ᠂ ᠥᠪᠦᠷ ᠮᠣᠩᠭᠤᠯ ᠤ᠋ᠨ ᠤᠯᠤᠰ ᠲᠦᠷᠥ  ᠵᠢᠨ ᠵᠥᠪᠯᠡᠯᠭᠡᠨ ᠦ᠌ ᠭᠡᠰᠢᠭᠦᠨ ᠵᠡᠷᠭᠡ ᠨᠡᠢᠭᠡᠮ ᠦᠨ    ᠲᠤᠰᠢᠶᠠᠯ ᠲᠠᠢ ᠪᠠᠢᠪᠠ᠃