ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠠᠰᠢᠳᠤᠩᠳᠤᠪ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠠᠰᠢᠳᠤᠩᠳᠤᠪ᠂ ( 1936~ ) ᠰᠡᠳᠭᠦᠯᠴᠢ᠃ ᠮᠣᠩᠭᠤᠯ ᠤᠯᠤᠰ  ᠤᠨ ᠰᠦᠬᠡᠪᠠᠭᠠᠲᠤᠷ ᠠᠢᠮᠠᠭ  ᠤᠨ? ᠳᠠᠷᠬᠠᠨ ᠰᠤᠮᠤ  ᠵᠢᠨ ᠨᠤᠲᠤᠭ    ᠲᠦ᠍ ᠲᠥᠷᠦᠵᠡᠢ᠃ 1971 ᠣᠨ ᠳᠤ ᠤᠯᠠᠭᠠᠨᠪᠠᠭᠠᠲᠤᠷ    ᠲᠦ᠍ ᠨᠠᠮ  ᠤᠨ ᠳᠡᠭᠡᠳᠦ ᠰᠤᠷᠭᠠᠭᠤᠯᠢ  ᠵᠢᠨ ᠰᠡᠳᠭᠦᠯᠴᠢ   ᠵᠢᠨ ᠮᠡᠷᠭᠡᠵᠢᠯ ᠢ ᠲᠡᠭᠦᠰᠭᠡᠵᠦ᠂ 《ᠫᠢᠧᠨᠧᠷ ᠦᠨ ᠦᠨᠡᠨ》 ᠰᠣᠨᠢᠨ ᠤ ᠡᠷᠬᠢᠯᠡᠭᠴᠢ ᠪᠣᠯᠵᠠᠢ᠃ 1986—— 1991 ᠣᠨ ᠬᠦᠷᠲᠡᠯ᠎ᠡ 《ᠦᠨᠡᠨ》 ᠰᠣᠨᠢᠨ ᠤ ᠰᠤᠷᠪᠤᠯᠵᠢᠯᠠᠭᠴᠢ ᠪᠠᠢᠪᠠ᠃ ᠡᠨᠡ ᠬᠣᠭᠤᠷᠤᠨᠳᠤ ᠲᠡᠷᠡ 《ᠨᠡᠢᠭᠡᠮ ᠬᠥᠮᠦᠨ》᠂ 《 ᠰᠢᠨᠵᠢᠯᠡᠬᠦ ᠤᠬᠠᠭᠠᠨ ᠲᠧᠭᠨᠢᠭ ᠦᠨ ᠳᠠᠪᠰᠢᠯ ᠪᠠ ᠬᠥᠮᠦᠨ  ᠦ ᠣᠶᠤᠨ ᠤᠬᠠᠭᠠᠨ》᠂ 《ᠤᠯᠠᠮᠵᠢᠯᠠᠯ》᠂ 《ᠪᠠᠶᠠᠷ  ᠤᠨ  ᠲᠤᠰᠭᠠᠢ ᠪᠣᠳᠤᠯ》 ᠭᠡᠬᠦ ᠠᠰᠠᠭᠤᠳᠠᠯ ᠳᠡᠪᠰᠢᠭᠦᠯᠦᠭᠰᠡᠨ ᠲᠣᠮᠣ ᠲᠣᠮᠣ ᠮᠡᠳᠡᠭᠡᠯᠡᠯ ᠨᠠᠢᠳᠠᠯᠠᠵᠤ ᠣᠯᠠᠨ ᠤ ᠠᠩᠬᠠᠷᠤᠯ ᠢ ᠲᠠᠲᠠᠵᠠᠶ᠃ 《ᠠᠩᠭᠯᠢ ᠣᠷᠤᠰ ᠮᠣᠩᠭᠤᠯ ᠬᠡᠯᠡᠨ ᠦ ᠬᠤᠷᠢᠶᠠᠩᠭᠤᠶ ᠲᠣᠯᠢ》 ( 1992 )᠂ 《ᠠᠩᠭᠯᠢ ᠮᠣᠩᠭᠤᠯ ᠥᠪᠡᠷᠮᠢᠴᠡ ᠬᠡᠯᠡᠯᠭᠡ  ᠵᠢᠨ ᠲᠣᠯᠢ》 ( 1999 ) ᠨᠣᠮ ᠵᠣᠬᠢᠶᠠᠨ ᠬᠡᠪᠯᠡᠭᠦᠯᠵᠦ ᠪᠢᠯᠡ᠃ ᠪᠠᠰᠠ 199l ᠣᠨ ᠳᠤ ᠮᠣᠩᠭᠤᠯ ᠤᠯᠤᠰ  ᠤᠨ ᠴᠢᠯᠦᠭᠡᠲᠦ ᠠᠷᠠᠳᠴᠢᠯᠠᠭᠰᠠᠨ ᠰᠡᠳᠬᠦᠯᠴᠢᠨ ᠦ ᠡᠪᠯᠡᠯ ᠢ ᠰᠠᠨᠠᠭᠠᠴᠢᠯᠠᠨ ᠪᠠᠢᠭᠤᠯᠵᠤ᠂ ᠮᠣᠩᠭᠤᠯ ᠣᠷᠤᠨ ᠳ᠋ᠤ᠌ ᠴᠢᠯᠦᠭᠡᠲᠦ ᠬᠡᠪᠯᠡᠯ ᠪᠣᠶ ᠪᠣᠯᠭᠠᠬᠤ  ᠵᠢᠨ ᠲᠥᠯᠦᠭᠡ 10 ᠰᠢᠬᠠᠮ ᠵᠢᠯ ᠠᠵᠢᠯᠯᠠᠵᠤ ᠪᠢᠯᠡ᠃ 1990 ᠣᠨ ᠳᠤ ᠬᠥᠳᠡᠯᠮᠦᠷᠢ   ᠵᠢᠨ ᠭᠠᠪᠢᠶᠠᠨ ᠤ ᠤᠯᠠᠭᠠᠨ    ᠲᠤᠭ  ᠤᠨ ᠣᠳᠣᠨ ᠢᠶᠠᠷ ᠱᠠᠩᠨᠠᠵᠠᠢ᠃