ᠨᠡᠷ᠎ᠡ:
ᠳᠠᠮᠳᠢᠨᠰᠦ᠋ᠷᠦᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠳᠠᠮᠳᠢᠨᠰᠦ᠋ᠷᠦᠩ᠂ ( 1908 —— 1986 ) ᠰᠡᠳᠭᠦᠯᠴᠢ᠂ ᠵᠣᠬᠢᠶᠠᠯᠴᠢ᠂ ᠣᠷᠴᠢᠭᠤᠯᠤᠭᠴᠢ᠃ ᠮᠣᠩᠭᠤᠯ ᠤᠯᠤᠰ ᠤᠨ ᠳᠣᠷᠣᠨᠠᠲᠦ᠍ ᠠᠢᠮᠠᠭ ᠤᠨ ᠮᠠᠲᠠᠳ ᠰᠤᠮᠤ ᠵᠢᠨ ᠨᠤᠲᠤᠭ ᠲᠦ᠍ ᠲᠥᠷᠦᠵᠡᠢ᠃ ᠪᠠᠭ᠎ᠠ ᠨᠠᠰᠤᠨ ᠳᠠᠭᠠᠨ ᠬᠡᠷ ᠦᠨ ᠰᠤᠷᠭᠠᠭᠤᠯᠢ ᠪᠠᠷ ᠮᠣᠩᠭᠤᠯ ᠪᠢᠴᠢᠭ ᠰᠤᠷ ᠴᠤ᠌᠂ 1924 ᠣᠨ ᠳᠤ 《ᠠᠷᠠᠳ ᠤᠨ ᠡᠷᠬᠡ》 ᠰᠣᠨᠢᠨ ᠳᠤ᠂ 1925 ᠣᠨ ᠳᠤ 《ᠦᠨᠡᠨ》 ᠰᠣᠨᠢᠨ ᠳᠤ ᠣᠷᠤᠵᠤ ᠠᠵᠢᠯᠯᠠᠵᠤ ᠪᠠᠢᠪᠠ᠃ 1935 ᠣᠨ ᠳᠤ ᠯᠧᠨᠢᠨᠭᠡᠨᠷᠡᠳ᠋ ᠦᠨ ᠳᠣᠷᠤᠨᠠᠳᠠᠬᠢᠨ ᠤ ᠳᠡᠭᠡᠳᠦ ᠰᠤᠷᠭᠠᠭᠤᠯᠢ ᠶᠢ ᠲᠡᠭᠦᠰᠭᠡᠵᠡᠢ᠃ 1942—— 1946 ᠣᠨ ᠤ ᠬᠣᠭᠤᠷᠤᠨᠳᠤ ᠳᠡᠯᠡᠬᠡᠶ ᠵᠢᠨ ᠬᠣᠶᠠᠳᠤᠭᠠᠷ ᠳᠠᠵᠢᠨ ᠤ᠋ ᠢᠶᠠ 《ᠦᠨᠡᠨ》 ᠰᠣᠨᠢᠨ ᠳᠤ ᠬᠠᠷᠢᠭᠤᠴᠠᠯᠭᠠᠲᠦ᠍ ᠡᠷᠬᠢᠯᠡᠭᠴᠢ ᠪᠠᠢᠵᠤ᠂ ?ᠵᠢᠨᠲᠦ ᠪᠡᠷᠬᠡ ᠴᠠᠭ ᠦᠶ᠎ᠡ ᠳᠡᠬᠢ 《ᠦᠨᠡᠨ》 ᠰᠣᠨᠢᠨ ᠢ ᠲᠣᠭᠲᠠᠭᠰᠠᠨ ᠬᠤᠭᠤᠴᠠᠭᠠᠨ᠎ᠠ ᠰᠠᠵᠢᠨ ᠭᠠᠷᠭᠠᠬᠤ ᠵᠢᠨ ᠲᠥᠯᠦᠭᠡ ᠠᠰᠤᠷᠤ ᠶᠡᠬᠡ ᠬᠦ ᠴᠤ᠌ᠨ ᠵᠢᠳᠭᠦᠯ ᠦᠵᠡᠭᠦᠯᠵᠡᠢ᠃ ᠣᠨᠴᠠᠭᠠᠢᠯᠠᠨ ᠳᠠᠵᠢᠨ ᠤ᠋ ᠹᠷᠣᠨᠲ ᠤᠨ ᠮᠡᠳᠡᠭᠡ ᠪᠠ ᠡᠬᠡ ᠣᠷᠤᠨᠴᠢ ᠪᠠᠭᠠᠲᠦ᠍ᠷᠴᠤ᠌ᠳ ᠤᠨ ᠦᠢᠯᠡ ᠶᠠᠪᠤᠳᠠᠯ ᠢ ᠴᠠᠭ ᠲᠤᠰᠭᠠᠢ ᠳ᠋ᠤᠨᠢ ᠮᠡᠳᠡᠭᠡᠯᠡᠬᠦ ᠵᠢᠨ ᠲᠥᠯᠦᠭᠡ ᠡᠳᠦᠷᠵᠢᠨ ᠰᠥᠨᠢᠵᠢᠨ ᠵᠢᠳᠭᠦᠵᠦ ᠪᠠᠢᠯ᠎ᠠ᠃ ᠲᠡᠷᠡ ᠰᠣᠨᠢᠨ ᠰᠡᠳᠭᠦᠯ ᠦ᠋ᠨ ᠠᠵᠢᠯ ᠢᠶᠠᠨ ᠬᠢᠬᠦ ᠵᠢᠨ ᠬᠠᠮᠲᠤ 1929 ᠣᠨ ᠳᠤ 《ᠭᠣᠯᠤᠭᠳᠠᠭᠰᠠᠨ ᠬᠡᠦᠬᠡᠨ》 ᠭᠡᠬᠦ ᠠᠯᠳᠠᠷ ᠲᠦ᠍ ᠲᠤᠭᠤᠵᠢ ᠪᠠᠨ ᠨᠡᠢᠲᠡᠯᠡᠭᠰᠡᠨ ᠪᠥᠭᠡᠳ ᠮᠣᠩᠭᠤᠯ ᠤᠯᠤᠰ ᠤᠨ ᠬᠤᠪᠢᠰᠭᠠᠯᠲᠦ᠍ ᠤᠷᠠᠨ ᠵᠣᠬᠢᠶᠠᠯᠴᠢᠳ ᠤᠨ ᠡᠪᠯᠡᠯ ᠢ ᠪᠠᠢᠭᠤᠯᠬᠤ ᠳᠤ ᠣᠷᠤᠯᠴᠠᠵᠤ᠂ ᠮᠣᠩᠭᠤᠯ ᠤ᠋ᠨ ᠤᠳᠭ᠎ᠠ ᠵᠣᠬᠢᠶᠠᠯ ᠤᠨ ᠦᠨᠳᠦᠰᠦᠯᠡᠭᠴᠢ ᠵᠢᠨ ᠨᠢᠭᠡ》᠄ ᠭᠡᠵᠦ ᠲᠡᠦᠬᠡᠨ᠎ᠡ ᠣᠷᠣᠵᠠᠶ᠃ 《ᠮᠣᠩᠭᠤᠯ ᠤ᠋ᠨ ᠨᠢᠭᠤᠴᠠ ᠲᠣᠪᠴᠢᠨ?》 ᠢ ᠣᠷᠴᠢᠨ ᠴᠠᠭ ᠤᠨ ᠬᠡᠯᠡᠨ᠎ᠡ ᠪᠠᠭᠤᠯᠭᠠᠨ ᠰᠤᠳᠤᠯᠤᠭᠰᠠᠨ ᠤ ᠬᠠᠮᠲᠤ ᠭᠡᠰᠡᠷ ᠦᠨ ᠲᠤᠭᠤᠵᠢ ᠵᠢᠨ ᠰᠤᠳᠤᠯᠤᠯ ᠢᠶᠠᠷ ᠴᠣᠯᠠ ᠬᠠᠮᠠᠭᠠᠯᠠᠭᠰᠠᠨ ᠨᠠᠷᠠ ᠲᠦ᠍ ᠡᠷᠳᠡᠮᠲᠡᠨ ᠡᠨᠭᠡᠳᠧᠮᠢᠴᠢ ᠬᠥᠮᠦᠨ ᠶᠤᠮ᠃ ᠲᠡᠷᠡ ᠺᠢᠷᠢᠯ ᠦᠰᠥᠭ ᠦᠨ ᠴᠠᠭᠠᠨ ᠲᠣᠯᠦ᠍ᠭᠠᠶ ᠵᠣᠬᠢᠶᠠᠵᠤ᠂ ᠨᠡᠢᠲᠡ ᠪᠡᠷ ᠪᠢᠴᠢᠭᠲᠡᠨ ᠪ ᠣᠯᠠᠨᠤ ᠳᠤ ᠲᠦ᠍ᠰᠠᠯᠠᠨ᠂ ᠮᠣᠩᠭᠤᠯ ᠰᠣᠶᠤᠯ ᠪᠣᠯᠪᠠᠰᠤᠷᠠᠯ ᠢ ᠬᠥᠭᠵᠢᠭᠦᠯᠬᠦ ᠳ᠋ᠦ᠍ ᠭᠠᠪᠢᠶ᠎ᠠ ᠪᠠᠢᠭᠤᠯᠵᠠᠢ᠃ ᠣᠷᠤᠰ ᠬᠡᠯᠡᠨ ᠡᠴᠡ ᠠ᠂ ? . ᠫᠦᠰ᠌ᠺᠵᠢᠨ ᠦ ᠢᠷᠠᠭᠤ ᠨᠠᠢᠷᠠᠭ ᠵᠡᠷᠭᠡ ᠠᠯᠳᠠᠷ ᠲᠦ᠍ ᠵᠣᠬᠢᠶᠠᠯ ᠢ ᠣᠯᠠᠨ ᠣᠷᠴᠢᠭᠤᠯᠵᠤ᠂ ᠣᠷᠤᠰ ᠮᠣᠩᠭᠤᠯ ᠬᠡᠯᠡᠨ ᠦ ᠲᠣᠯᠢ ᠪᠢᠴᠢᠭ ᠨᠠᠢᠷᠠᠭᠤᠯ ᠤᠨ ᠵᠣᠬᠢᠶᠠᠵᠤ ᠬᠡᠪᠯᠡᠭᠦᠯᠪᠡ᠃ ᠳᠠᠮᠳᠢᠨᠰᠦ᠋ᠷᠦᠩ ᠤᠨ ᠰᠣᠨᠢᠨ ᠰᠡᠳᠭᠦᠯ᠂ ᠤᠷᠠᠨ ᠪᠦᠲᠦᠭᠡᠯ᠂ ᠣᠷᠴᠢᠭᠤᠯᠭ᠎ᠠ ᠵᠢᠨ ᠬᠥᠳᠡᠯᠮᠦᠷᠢ ᠵᠢᠨ ᠵᠢᠳᠭᠦᠯ ᠢ᠋ ᠦᠨᠡᠯᠡᠵᠦ᠂ ᠤᠯᠤᠰ ᠠᠴᠠ ᠰᠦᠬᠡᠪᠠᠭᠠᠲᠤᠷ ᠤ᠋ᠨ ᠣᠳᠣᠨ ᠢᠶᠠᠷ ᠬᠣᠶᠠᠷ ᠤᠳᠠᠭ᠎ᠠ᠂ ᠲᠦᠷᠥ ᠵᠢᠨ ᠱᠠᠩᠨᠠᠯ ᠢᠶᠠᠷ ᠭᠤᠷᠪᠠ ᠤᠳᠠᠭ᠎ᠠ ᠱᠠᠩᠨᠠᠵᠤ ᠪᠢᠯᠡ᠃
Copyight 2016 by nmgmzw.gov.cn All Rights Reserved