ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠠᠮᠳᠢᠨᠰᠦ᠋ᠷᠦᠩ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠠᠮᠳᠢᠨᠰᠦ᠋ᠷᠦᠩ ( ᠦᠪᠡᠭᠡᠲᠡᠶ )᠂ ( 1912~ 1993 ) ᠰᠡᠳᠭᠦᠯᠴᠢ᠃ ᠤᠤᠯ  ᠤᠨ ᠰᠡᠴᠡᠨ ᠬᠠᠨ ᠠᠢᠮᠠᠭ  ᠤᠨ ᠳᠠᠷᠬᠠᠨ   ᠲᠦ᠍ᠩᠭᠠᠯᠠᠭ ᠪᠡᠢᠯᠡ  ᠵᠢᠨ ᠬᠣᠰᠢᠭᠤ ᠳᠤ ᠲᠥᠷᠦᠵᠡᠢ᠃ 1929 ᠣᠨ ᠳᠤ ᠤᠯᠠᠭᠠᠨᠪᠠᠭᠠᠲᠤᠷ    ᠲᠦ᠍ ᠪᠠᠭᠰᠢ ᠨᠠᠷ  ᠤᠨ ᠪᠡᠯᠡᠳᠭᠡᠬᠦ ᠰᠤᠷᠭᠠᠭᠤᠯᠢ ᠲᠡᠭᠦᠰᠭᠡᠵᠦ᠂ ᠡᠮᠦᠨᠡᠭᠣᠪᠢ ᠠᠢᠮᠠᠭ  ᠤᠨ ᠵᠠᠯᠠᠭᠤ ᠴᠤ᠌ᠳ  ᠤᠨ ᠡᠪᠯᠡᠯ ᠦᠨ ᠬᠣᠷᠢᠶ᠎ᠠ  ᠵᠢᠨ ᠳᠠᠷᠤᠭ᠎ᠠ ᠪᠠᠢᠵᠤ᠂ 1937 ᠣᠨ ᠳᠤ《ᠦᠨᠡᠨ》 ᠰᠣᠨᠢᠨ ᠤ ᠬᠠᠷᠢᠭᠤᠴᠠᠯᠭᠠᠲᠦ᠍ ᠡᠷᠬᠢᠯᠡᠭᠴᠢ ᠪᠣᠯᠪᠠ᠃ 1946~ 1954 ᠣᠨ ᠤ ᠬᠣᠭᠤᠷᠤᠨᠳᠤ 《ᠦᠨᠡᠨ》 ᠰᠣᠨᠢᠨ ᠤ ᠰᠤᠷᠪᠤᠯᠵᠢᠯᠠᠭᠴᠢ᠂ ᠤᠳᠭ᠎ᠠ ᠵᠣᠬᠢᠶᠠᠯ  ᠤᠨ ᠠᠵᠢᠯᠲᠠᠨ ᠪᠠᠢᠵᠤ᠂ 1960 ᠣᠨ ᠳᠤ 《 ᠴᠤ᠌ᠭ》 ᠰᠡᠳᠭᠦᠯ ᠦ᠋ᠨ ᠨᠠᠷᠢᠨ ᠪᠢᠴᠢᠭ ᠦᠨ ᠳᠠᠷᠤᠭ᠎ᠠ ᠪᠣᠯᠵᠤ᠂ ᠨᠠᠰᠤᠨ ᠤ ᠠᠮᠠᠷᠠᠯᠲᠠ ᠳᠠᠭᠠᠨ ᠭᠠᠷᠲᠠᠯ᠎ᠠ ᠠᠵᠢᠯᠯᠠᠵᠠᠶ᠃ 《ᠮᠠᠨᠳᠤᠬᠤ ᠨᠠᠷᠠ ᠲᠠᠢ ᠦᠯᠢᠭᠡᠷᠯᠡᠶ᠎ᠡ》᠂ 《ᠭᠠᠵᠠᠷ ᠲᠩᠷᠢ ᠶ᠋ᠢᠨ ᠵᠠᠭᠠᠭ》 ᠵᠡᠷᠭᠡ ᠨᠠᠢᠷᠠᠭᠤᠯᠤᠯ ᠳᠤᠷᠠᠳᠭᠠᠯ ᠨᠣᠮ    ᠲᠤᠭᠤᠷᠪᠢᠨ ᠬᠡᠪᠯᠡᠭᠦᠯᠦᠭᠰᠡᠨ ᠪᠥᠭᠡᠳ ᠪᠤᠰᠤᠳ  ᠤᠨ ᠬᠠᠮᠲᠤ 30 ᠭᠠᠷᠤᠶ ᠵᠣᠬᠢᠶᠠᠯᠴᠢ  ᠵᠢᠨ ᠪᠦᠲᠦᠭᠡᠯ ᠢ ᠷᠸᠳᠠᠺᠲ᠋ᠤᠷᠯᠠᠨ ᠬᠡᠪᠯᠡᠭᠦᠯᠵᠡᠢ᠃ ᠲᠡᠭᠦᠨ ᠦ ᠬᠥᠳᠡᠯᠮᠦᠷᠢ ᠪᠦᠲᠦᠭᠡᠯ ᠢ ᠤᠯᠤᠰ ᠠᠴᠠ ᠦᠨᠡᠯᠡᠵᠦ᠂ ᠰᠣᠶᠤᠯ ᠤ᠋ᠨ ᠭᠠᠪᠢᠶᠠᠲᠦ᠍ ᠵᠢᠳᠭᠦᠯᠲᠡᠨ ᠴᠣᠯᠠ ᠣᠯᠭᠤᠨ ᠣᠳᠣᠨ ᠮᠧᠳᠠᠯ ᠱᠠᠩᠨᠠᠵᠠᠢ᠃