ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳᠠᠮᠪᠠᠳᠣᠷᠵᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳᠠᠮᠪᠠᠳᠣᠷᠵᠢ᠂ ( 1899~ 1934 ) ᠰᠡᠳᠭᠦᠯᠴᠢ᠃ ᠳ᠋ᠡ ᠬᠦᠷᠢᠶ᠎ᠡ  ᠵᠢᠨ ᠠᠮᠤᠭᠤᠯᠠᠩ ᠪᠠᠭᠠᠲᠤᠷ ᠭᠠᠴᠠᠭ᠎ᠠ ᠳᠤ ᠲᠥᠷᠦᠵᠡᠢ᠃ 1921—— 1927 ᠣᠨ ᠬᠦᠷᠲᠡᠯ᠎ᠡ ᠮᠣᠩᠭᠤᠯ ᠠᠷᠠᠳ ᠤᠨ ᠨᠠᠮ  ᠤᠨ ᠳᠠᠷᠤᠭ᠎ᠠ ᠪᠠᠢᠪᠠ᠃ l923 ᠣᠨ ᠳᠤ 《ᠮᠣᠩᠭᠤᠯ ᠠᠷᠠᠳᠤᠨ ᠨᠠᠮ》 ᠰᠡᠳᠭᠦᠯ ᠦ᠋ᠨ ᠠᠩᠬᠠᠨ ᠤ ᠡᠷᠬᠢᠯᠡᠭᠴᠢ ᠪᠡᠷ᠂ 1[924 ᠣᠨ ᠳᠤ《ᠠᠷᠠᠳ  ᠤᠨ ᠡᠷᠬᠡ》 ᠰᠣᠨᠢᠨ ᠤ ᠠᠩᠬᠠᠨ ᠤ ᠡᠷᠬᠢᠯᠡᠭᠴᠢ ᠪᠡᠷ᠂1925 ᠣᠨ ᠳᠤ 《ᠦᠨᠡᠨ》 ᠰᠣᠨᠢᠨ ᠤ ᠠᠩᠬᠠᠨ ᠤ ᠡᠷᠬᠢᠯᠡᠭᠴᠢ ᠪᠡᠷ ᠪᠠᠢᠵᠤ᠂ ᠮᠣᠩᠭᠤᠯ ᠤᠯᠤᠰ  ᠤᠨ ᠤᠤᠭᠠᠨ ᠰᠡᠳᠭᠦᠯᠴᠢ ᠬᠡᠮᠡᠨ ᠠᠯᠳᠠᠷᠰᠢᠵᠠᠶ᠃ 《ᠤᠯᠠᠭᠠᠨ ᠣᠲᠤᠷᠴᠢ》 ᠭᠡᠬᠦ ᠨᠢᠭᠤᠴᠠ ᠨᠡᠷ᠎ᠡ ᠪᠡᠷ ᠰᠣᠨᠢᠨ ᠰᠡᠳᠭᠦᠯ ᠳ᠋ᠦ᠍ ᠮᠡᠳᠡᠭᠡᠯᠡᠯ ᠣᠯᠠᠨ ᠨᠡᠢᠲᠡᠯᠡᠭᠰᠡᠨ ᠪᠥᠭᠡᠳ 《ᠲᠣᠯᠪᠤ ᠨᠠᠭᠤᠷ》᠂ 《ᠺᠠᠪᠲ᠋ᠠᠯ ᠬᠥᠷᠦᠩᠭᠡ ᠪᠡᠷ ᠵᠠᠰᠠᠭ  ᠤᠨ ᠡᠷᠬᠡ ᠶᠢ ᠡᠵᠡᠷᠬᠡᠭᠰᠡᠨ ᠶᠣᠰᠤ ᠪᠠ ᠪᠤᠷᠤᠩᠬᠤᠶ ᠪᠠᠶᠠᠴᠤᠳ ᠤᠨ ᠪᠠᠢᠳᠠᠯ》 ᠭᠡᠬᠦ ᠥᠭᠦᠯᠡᠯ᠂ ᠨᠣᠮ ᠬᠡᠪᠯᠡᠭᠦᠯᠦᠭᠰᠡᠨ ᠪᠥᠭᠡᠳ ᠦ᠋ᠨ . ᠡᠩᠬᠧᠯᠰ ᠦᠨ 《ᠡᠷᠦᠬᠡ ᠬᠡᠷ ᠥᠮᠴᠢᠲᠦ ᠬᠥᠷᠦᠩᠭᠡ᠂ ᠵᠠᠰᠠᠭ ᠲᠦᠷᠥ  ᠵᠢᠨ ᠡᠭᠦᠰᠦᠯ》 ᠵᠡᠷᠭᠡ ᠨᠣᠮ ᠢ ᠣᠷᠴᠢᠭᠤᠯ ᠤᠨ ᠨᠠᠢᠳᠠᠯᠠᠵᠠᠢ᠃