ᠨᠡᠷ᠎ᠡ:
ᠳᠠᠨᠴᠢᠨ ᠴᠤ᠌ᠢᠳᠠᠷ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠳᠠᠨᠴᠢᠨ ᠴᠤ᠌ᠢᠳᠠᠷ ᠬᠡᠪᠯᠡᠯ ᠦᠨ ᠵᠢᠳᠭᠦᠯᠲᠡᠨ᠂ ᠣᠷᠴᠢᠭᠤᠯᠤᠭᠴᠢ᠃ 17 ᠳ᠋ᠤᠭᠠᠷ ᠵᠠᠭ ᠤᠨ ᠤ ᠰᠡᠭᠦᠯᠴᠢ ᠡᠴᠡ 18 ᠳ᠋ᠤᠭᠠᠷ ᠵᠠᠭ ᠤᠨ ᠤ ᠳᠤᠮᠳᠠᠴᠢ ᠦᠶ᠎ᠡ ᠬᠦᠷᠲᠡᠯ᠎ᠡ ᠠᠮᠢᠳᠤᠷᠠᠵᠤ ᠪᠠᠢᠭᠰᠠᠨ ᠮᠣᠩᠭᠤᠯ ᠦᠨᠳᠦᠰᠦᠲᠡᠨ ᠦ ᠣᠷᠴᠢᠭᠤᠯᠤᠭᠴᠢ᠂ ᠪᠠᠷ ᠬᠡᠪᠯᠡᠯ ᠦᠨ ᠵᠢᠳᠭᠦᠯᠲᠡᠨ ᠪᠣᠯᠤᠨ᠎ᠠ᠃ ᠪᠡᠭᠡᠵᠢᠩ ᠦᠨ ᠲᠥᠪᠡᠳ ᠪᠢᠴᠢᠭ ᠦᠨ ᠳᠡᠳ᠋ ᠰᠤᠷᠭᠠᠭᠤᠯᠢ ᠵᠢᠨ ᠪᠠᠭᠰᠢ ᠪᠥᠭᠡᠳ ᠯᠦᠩ ᠹᠦ᠋ ᠰᠧ ᠬᠡᠢᠳ ᠦᠨ ᠵᠠᠰᠠᠭ ᠳ᠋ᠠ ᠯᠠᠮᠠ ᠪᠠᠢᠪᠠ᠃ ᠬᠡᠳᠦᠨ ᠬᠡᠯᠡᠨ ᠦ ᠲᠡᠭᠰᠢ ᠮᠡᠷᠭᠡᠵᠢᠯ ᠲᠡᠢ᠂ ᠣᠷᠴᠢᠭᠤᠯᠬᠤ᠂ ᠨᠠᠢᠷᠠᠭᠤᠯᠬᠤ᠂ ᠬᠢᠨᠠᠨ ᠲᠣᠬᠢᠶᠠᠯᠳᠤᠭᠤᠯᠬᠤ᠂ ᠪᠠᠷᠯᠠᠵᠤ ᠬᠡᠪᠯᠡᠬᠦ ᠵᠡᠷᠭᠡ ᠠᠵᠢᠯ ᠳᠤ ᠭᠠᠷᠮᠠᠭᠠᠶ ᠪᠠᠢᠵᠤ᠂ ᠤᠷᠢᠳ ᠬᠣᠵᠢᠳ 《ᠮᠡᠷᠭᠡᠳ ᠭᠠᠷᠬᠤ ᠵᠢᠨ ᠣᠷᠤᠨ ᠨᠠᠷᠠ ᠲᠦ᠍ ᠲᠣᠭᠲᠠᠭᠠᠭᠰᠠᠨ ᠲᠠᠭᠷᠢᠩ》 ᠢ ᠨᠠᠢᠷᠠᠭᠤᠯᠬᠤ ᠠᠵᠢᠯ ᠳᠤ ᠣᠷᠤᠯᠴᠠᠨ᠂ 《ᠪᠣᠭᠳᠠ ᠽᠦᠩᠭᠡᠪᠡ ᠵᠢᠨ ᠰᠦᠩᠪᠦᠮ》 ᠢ ᠪᠤᠰᠤᠳ ᠲᠠᠢ ᠬᠠᠮᠲᠤᠷᠠᠨ ᠮᠣᠩᠭᠤᠯᠴᠢᠯᠠᠨ ᠮᠣᠳᠤᠨ ᠢ᠋ᠶ᠋ᠠᠷ ᠢ᠋ᠶ᠋ᠠᠷ ᠬᠡᠪᠯᠡᠭᠦᠯᠦᠭᠰᠡᠨ ᠶᠤᠮ᠃ 2 ᠳ᠋ᠤᠭᠠᠷ ᠳᠦᠷᠢ ᠵᠢᠨ ᠵᠠᠩᠵᠠ ᠠᠭᠸᠠᠩᠴᠤ᠌ᠢᠳᠠᠨ ᠤ ᠰᠦᠩᠪᠦᠮ 7 ᠪᠣᠲᠢ᠂ ᠲᠡᠭᠦᠨ ᠦ ᠨᠠᠮᠲᠠᠷ 《ᠰᠤᠪᠤᠳ ᠡᠷᠢᠬᠡ》 ᠵᠢᠴᠢ 《ᠰᠤᠪᠠᠰᠢᠳᠢ》 ᠮᠡᠲᠦ ᠵᠢᠨ ᠵᠣᠬᠢᠶᠠᠯ ᠢ ᠲᠥᠪᠡᠳ ᠬᠡᠯᠡᠨ ᠡᠴᠡ ᠣᠷᠴᠢᠭᠤᠯ ᠤᠨ ᠮᠣᠳᠤᠨ ᠢ᠋ᠶ᠋ᠠᠷ ᠢ᠋ᠶ᠋ᠠᠷ ᠬᠡᠪᠯᠡᠭᠦᠯᠵᠡᠢ᠃ ᠮᠥᠨ 1742~ 1749 ᠣᠨ ᠤ ᠬᠣᠭᠤᠷᠤᠨᠳᠤ 《ᠳ᠋ᠠᠨᠵᠤᠤᠷ》 ᠢ ᠮᠣᠩᠭᠤᠯᠴᠢᠯᠠᠵᠤ ᠨᠠᠢᠷᠠᠭᠤᠯᠬᠤ ᠪᠠᠷᠯᠠᠬᠤ ᠵᠡᠷᠭᠡ ᠲᠣᠮᠤᠬᠠᠨ ᠠᠵᠢᠯ ᠳᠤ ᠪᠠᠶᠠᠲᠠᠨ ᠣᠷᠤᠯᠴᠠᠵᠤ᠂ 《ᠳ᠋ᠠᠨᠵᠤᠤᠷ》 ᠤᠨ ᠳᠣᠲᠤᠷᠠᠬᠢ ᠵᠣᠬᠢᠶᠠᠯ ᠪ ᠣᠯᠠᠨᠤ ᠳ᠋ᠠᠨᠳᠠᠷᠠ ᠵᠢᠨ ᠲᠠᠢᠯᠪᠤᠷᠢ ᠵᠢᠨ ᠲᠡᠷᠢᠭᠦᠨ ᠪᠣᠲᠢ᠂ ᠰᠤᠳᠤᠷ ᠤᠨ ᠲᠠᠢᠯᠪᠤᠷᠢ ᠵᠢᠨ 25 ᠳ᠋ᠤᠭᠠᠷ ᠪᠣᠲᠢ ᠲᠡᠷᠢᠭᠦᠲᠡᠨ ᠢ ᠮᠣᠩᠭᠤᠯᠴᠢᠯᠠᠭᠰᠠᠨ ᠲᠤᠰᠭᠠᠢ ᠮᠣᠩᠭᠤᠯ 《ᠳ᠋ᠠᠨᠵᠤᠤᠷ》 ᠲᠦ᠍ ᠲᠣᠳᠣᠷᠬᠠᠶ ᠲᠡᠮᠳᠡᠭᠯᠡᠵᠦ ᠪᠣᠶ᠃ ᠴᠢᠩ ᠤᠯᠤᠰ ᠤᠨ ᠦᠶ᠎ᠡ ᠵᠢᠨ ᠮᠣᠩᠭᠤᠯ ᠨᠣᠮ ᠬᠡᠪᠯᠡᠯ ᠦᠨ ᠭᠣᠣᠯ ᠰᠠᠭᠤᠷᠵᠢᠨ ᠤ ᠨᠢᠭᠡ ᠪ ᠣᠯᠠᠨᠤ ᠪᠡᠭᠡᠵᠢᠩ ᠦᠨ ᠯᠦᠩ ᠹᠦ᠋ ᠰᠧ ᠬᠡᠢᠳ ᠢ ᠲᠡᠷᠢᠭᠦᠯᠡᠵᠦ ᠣᠯᠠᠨ ᠲᠣᠭᠠᠨᠨ ᠤ ᠨᠣᠮ ᠢ ᠮᠣᠳᠤᠨ ᠢ᠋ᠶ᠋ᠠᠷ ᠢ᠋ᠶ᠋ᠠᠷ ᠬᠡᠪᠯᠡᠭᠦᠯᠦᠨ ᠲᠠᠷᠬᠠᠭᠠᠭᠰᠠᠨ ᠪᠠᠢᠨ᠎ᠠ᠃
Copyight 2016 by nmgmzw.gov.cn All Rights Reserved