ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

  ᠲᠦ᠍ᠩᠭᠠᠯᠠᠭ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

  ᠲᠦ᠍ᠩᠭᠠᠯᠠᠭ ( 1937~ ) ᠬᠢᠨᠠᠨ ᠣᠷᠴᠢᠭᠤᠯᠤᠭᠴᠢ᠃ ᠥᠪᠦᠷ ᠮᠣᠩᠭᠤᠯ ᠤ᠋ᠨ ᠵᠢᠷᠢᠮ ᠠᠢᠮᠠᠭ  ᠤᠨ ᠵᠠᠷᠤᠳ ᠬᠣᠰᠢᠭᠤᠨ ᠳᠤ ᠲᠥᠷᠦᠵᠡᠢ᠃ H53 ᠣᠨ ᠳᠤ ᠪᠠᠭ᠎ᠠ ᠰᠤᠷᠭᠠᠭᠤᠯᠢ ᠲᠡᠭᠦᠰᠭᠡᠵᠦ ᠭᠠᠴᠠᠭ᠎ᠠ  ᠵᠢᠨ ᠨᠢᠭᠲᠠᠯᠠᠨ ᠪᠣᠳᠤᠭᠴᠢ ᠪᠣᠯᠪᠠ᠃ 1955 ᠣᠨ  ᠳᠤ ᠳᠤᠮᠳᠠᠳᠤ ᠤᠯᠤᠰ  ᠤᠨ ᠠᠷᠠᠳ  ᠤᠨ ᠴᠢᠯᠥᠭᠡᠯᠡᠬᠦ ᠴᠡᠷᠢᠭ ᠲᠦ ᠣᠷᠤᠵᠤ᠂ 1956 ᠣᠨ ᠳᠤ ᠴᠡᠷᠢᠭ ᠡᠴᠡ ᠲᠣᠮᠢᠯᠠᠭᠳᠠᠨ ᠥᠪᠦᠷ ᠮᠣᠩᠭᠤᠯ ᠤ᠋ᠨ ᠮᠣᠩᠭᠤᠯ ᠬᠡᠯᠡ ᠪᠢᠴᠢᠭ ᠦᠨ ᠲᠤᠰᠭᠠᠢ ᠮᠡᠷᠭᠡᠵᠢᠯ ᠦᠨ ᠰᠤᠷᠭᠠᠭᠤᠯᠢ ᠳᠤ ᠰᠤᠷᠤᠯᠴᠠᠵᠠᠶ᠃ 1958 ᠣᠨ ᠳᠤ ᠴᠡᠷᠢᠭ ᠠᠩᠭᠢ  ᠵᠢᠨ ᠵᠥᠪᠰᠢᠶᠡᠷᠡᠯ ᠢ᠋ᠶ᠋ᠡᠷ ᠥᠪᠦᠷ ᠮᠣᠩᠭᠤᠯ ᠤ᠋ᠨ ᠶᠡᠬᠡ ᠰᠤᠷᠭᠠᠭᠤᠯᠢ  ᠵᠢᠨ ᠮᠣᠩᠭᠤᠯ ᠬᠡᠯᠡ ᠤᠳᠭ᠎ᠠ ᠵᠣᠬᠢᠶᠠᠯ  ᠤᠨ ᠰᠠᠯᠪᠤᠷᠢ ᠳᠤ ᠣᠷᠤᠵᠤ ᠰᠤᠷᠤᠯᠴᠠᠭᠠᠳ᠂ 1963 ᠣᠨ ᠳᠤ ᠲᠡᠭᠦᠰ ᠴᠤ᠌ ᠰᠢᠨᠵᠢᠶᠠᠩ ᠳᠤ ᠠᠵᠢᠯ ᠬᠤᠪᠢᠶᠠᠭᠳᠠᠨ᠂ ᠳᠠᠷᠠᠭ᠎ᠠ ᠨᠢ ᠰᠢᠨᠵᠢᠶᠠᠩ  ᠤᠨ ᠠᠷᠠᠳ  ᠤᠨ ᠷᠠᠳᠢᠣ᠋ ᠨᠡᠪᠲᠡᠷᠡᠭᠦᠯᠭᠡ  ᠵᠢᠨ ᠬᠣᠷᠢᠶᠠᠨ ᠤ᠋ ᠮᠣᠩᠭᠤᠯ ᠨᠠᠢᠷᠠᠭᠤᠯᠬᠤ  ᠳ᠋ᠡᠬᠢ ᠠᠵᠢᠯᠯᠠᠵᠤ ᠳᠡᠳ᠋ ᠳᠠᠷᠤᠭ᠎ᠠ᠂ ᠮᠣᠩᠭᠤᠯ ᠨᠠᠢᠷᠠᠭᠤᠯᠬᠤ ᠬᠡᠯᠲᠡᠰ ᠦᠨ ᠳᠡᠳ᠋ ᠳᠠᠷᠤᠭ᠎ᠠ  ᠵᠢᠨ ᠲᠤᠰᠢᠶᠠᠯ ᠢ ᠡᠭᠦᠷᠭᠡᠯᠡᠪᠡ᠃ ᠤᠷᠢᠳ ᠬᠣᠵᠢᠳ 《ᠣᠷᠴᠢᠭᠤᠯᠭ᠎ᠠ  ᠵᠢᠨ ᠪᠠᠷᠢᠮᠵᠢᠶ᠎ᠠ  ᠵᠢᠨ  ᠲᠤᠰᠭᠠᠢ》᠂ 《ᠨᠡᠪᠲᠡᠷᠡᠭᠦᠯᠭᠡ  ᠵᠢᠨ ᠰᠵᠢᠨᠵᠢ ᠴᠢᠨᠠᠷ ᠪᠠ ᠡᠭᠦᠷᠭᠡ  ᠵᠢᠨ  ᠲᠤᠰᠭᠠᠢ》᠂ 《ᠨᠡᠪᠲᠡᠷᠡᠭᠦᠯᠦᠭᠴᠢ  ᠵᠢᠨ ᠬᠡᠯᠡᠨ ᠦ ᠪᠣᠯᠪᠠᠰᠤᠷᠠᠯ  ᠤᠨ  ᠲᠤᠰᠭᠠᠢ》 ᠵᠡᠷᠭᠡ ᠥᠭᠦᠯᠡᠯ ᠨᠡᠢᠲᠡᠯᠡᠭᠦᠯᠦᠭᠰᠡᠨ ᠪᠥᠭᠡᠳ 《ᠬᠦᠵᠢ  ᠵᠢᠨ ᠭᠣᠣᠯ  ᠤᠨ ᠮᠠᠭᠲᠠᠭᠠᠯ》᠂ 《 ᠮᠢᠨᠤ ᠦᠯᠥᠭᠡᠶ ᠨᠤᠲᠤᠭ )᠂ 《ᠦᠵᠡᠰᠬᠦᠯᠡᠩᠲᠦ ᠰᠠᠢᠬᠠᠨ ᠪᠣᠷᠤᠲᠠᠯ᠎ᠠ》᠂ 《ᠴᠡᠯᠡᠭᠡᠷ  ᠲᠦ᠍ᠩᠭᠠᠯᠠᠭ ᠲᠩᠷᠢ ᠨᠠᠭᠤᠷ》 ᠵᠡᠷᠭᠡ 20 ᠭᠠᠷᠤᠶ ᠳᠠᠭ ᠤᠨ ᠤ ᠦᠭᠡ᠂ 100 ᠭᠠᠷᠤᠶ ᠠᠶᠠᠯᠭᠤ ᠨᠠᠢᠳᠠᠯᠠᠵᠤ 《ᠲᠩᠷᠢ ᠠᠭᠤᠯᠠ  ᠵᠢᠨ ᠳᠠᠭᠤᠯᠠᠯ》 ᠭᠡᠬᠦ ᠳᠠᠭ ᠤᠨ ᠤ ᠲᠡᠭᠦᠪᠦᠷᠢ ᠪᠡᠨ ᠰᠢᠨᠵᠢᠶᠠᠩ  ᠤᠨ ᠠᠷᠠᠳ  ᠤᠨ ᠬᠡᠪᠯᠡᠯ ᠦᠨ ᠬᠣᠷᠢᠶ᠎ᠠ ᠳᠤ ᠬᠡᠪᠯᠡᠭᠦᠯᠵᠡᠢ᠃ ᠲᠡᠷᠡ ᠪᠡᠷ ᠳᠤᠮᠳᠠᠳᠤ ᠤᠯᠤᠰ  ᠤᠨ ᠮᠣᠩᠭᠤᠯ ᠬᠡᠯᠡᠨ ᠦ ᠡᠷᠳᠡᠮ ᠰᠢᠨᠵᠢᠯᠡᠭᠡᠨ ᠦ ᠨᠡᠢᠭᠡᠮᠯᠢᠭ ᠦᠨ ᠭᠡᠰᠢᠭᠦᠨ᠂ ᠰᠢᠨᠵᠢᠶᠠᠩ  ᠤᠨ ᠷᠠᠳᠢᠣ᠋ ᠲᠧᠯᠸᠢᠰ ᠦᠨ ᠨᠡᠢᠭᠡᠮᠯᠢᠭ ᠦᠨ ᠭᠡᠰᠢᠭᠦᠨ᠂ ᠰᠢᠨᠵᠢᠶᠠᠩ  ᠤᠨ ᠳᠠᠭᠤᠤ ᠬᠥᠭᠵᠢᠮ ᠦ᠋ᠨ ᠨᠡᠢᠭᠡᠮᠯᠢᠭ ᠦᠨ ᠭᠡᠰᠢᠭᠦᠨ᠂ ᠣᠢᠷᠠᠳ  ᠤᠨ ᠰᠤᠳᠤᠯᠭᠠᠨ ᠤ ᠨᠡᠢᠭᠡᠮᠯᠢᠭ ᠦᠨ ᠬᠡᠷᠡᠭ ᠡᠷᠬᠢᠯᠡᠭᠴᠢ  ᠵᠢᠨ    ᠲᠤᠰᠢᠶᠠᠯ ᠳᠤ ᠪᠠᠢᠨ᠎ᠠ᠃