ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠡᠮᠡᠭᠡᠲᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠡᠮᠡᠭᠡᠲᠦ( 1887~ 1939 ) ᠬᠡᠪᠯᠡᠯ ᠦᠨ ᠠᠵᠢᠯ  ᠤᠨ ᠵᠢᠳᠭᠦᠯᠲᠡᠨ᠂ ᠨᠠᠢᠷᠠᠭᠤᠯᠤᠭᠴᠢ᠂ ᠣᠷᠴᠢᠭᠤᠯᠤᠭᠴᠢ᠂ ᠥᠪᠦᠷ ᠮᠣᠩᠭᠤᠯ ᠤ᠋ᠨ ᠵᠣᠰᠣᠲᠦ᠍  ᠵᠢᠨ ᠴᠢᠭᠤᠯᠭᠠᠨ ᠤ ᠬᠠᠷᠠᠴᠢᠨ ᠪᠠᠷᠠᠭᠤᠨ ᠬᠣᠰᠢᠭᠤᠨ ᠳᠤ ᠲᠥᠷᠦᠵᠡᠢ᠃ ᠬᠢᠲᠠᠳ ᠨᠡᠷ᠎ᠡ ᠨᠢ ᠸᠠᠩ ᠿᠦᠶ ᠴᠠᠩ᠃ 8 ᠨᠠᠰᠤᠲᠠᠶ ᠳᠠᠭᠠᠨ ᠬᠡᠷ ᠦᠨ ᠰᠤᠷᠭᠠᠭᠤᠯᠢ ᠳᠤ ᠣᠷᠤᠵᠤ ᠮᠣᠩᠭᠤᠯ ᠬᠢᠲᠠᠳ ᠪᠢᠴᠢᠭ ᠢ ᠵᠡᠷᠭᠡ ᠪᠡᠷ ᠰᠤᠷᠴᠠᠶ᠃ ᠠᠷᠪᠠᠨ ᠲᠠᠪᠤᠲᠠᠶ ᠳᠠᠭᠠᠨ ᠬᠠᠷᠠᠴᠢᠨ ᠪᠠᠷᠠᠭᠤᠨ ᠬᠣᠰᠢᠭᠤᠨ ᠤ ᠴᠢᠨ ᠸᠠᠩ ᠬᠦᠩᠰᠡᠩᠨᠦᠷᠪᠦ  ᠵᠢᠨ ᠪᠠᠢᠭᠤᠯᠤᠭᠰᠠᠨ ᠮᠣᠩᠭᠤᠯ ᠦᠨᠳᠦᠰᠦᠲᠡᠨ ᠦ ᠠᠩᠬᠠᠨ ᠤ ᠬᠠᠷᠢ ᠮᠠᠶᠢᠭ  ᠤᠨ ᠰᠤᠷᠭᠠᠭᠤᠯᠢ —— ᠲᠥᠪ ᠢ᠋ ᠡᠷᠬᠢᠯᠡᠭᠴᠢ ᠰᠤᠷᠭᠠᠭᠤᠯᠢ ᠳᠤ ᠰᠤᠷᠤᠯᠴᠠᠪᠠ᠃ 1903 ᠣᠨ ᠳᠤ ᠪᠡᠭᠡᠵᠢᠩ ᠦᠨ ᠽᠦᠩᠪᠦ᠋ ᠭᠤᠳᠤᠮᠵᠢ ᠳᠠᠬᠢ ᠵᠡᠭᠦᠨ ᠮᠤᠵᠢ  ᠵᠢᠨ ᠲᠡᠮᠦᠷ ᠵᠠᠮ  ᠤᠨ ᠣᠷᠤᠰ ᠬᠡᠯᠡᠨ ᠦ ᠰᠤᠷᠭᠠᠭᠤᠯᠢ ᠳᠤ ᠲᠣᠮᠢᠯᠠᠭᠳᠠᠨ ᠣᠴᠢᠵᠤ ᠣᠷᠤᠰ ᠬᠡᠯᠡ ᠰᠤᠷᠤᠯᠴᠠᠪᠠ᠃ 1906 ᠣᠨ ᠳᠤ᠂ ᠬᠣᠰᠢᠭᠤᠨ ᠠᠴᠠ ᠪᠠᠨ ᠶᠠᠫᠣᠨ ᠳᠤ ᠰᠤᠷᠤᠯᠴᠠᠬᠤ ᠰᠤᠷᠤᠭᠴᠢ ᠰᠢᠯᠢᠬᠦ ᠳᠦ ᠰᠣᠩᠭᠤᠭᠳᠠᠵᠤ ᠲᠤᠤᠺᠢᠤ᠊ ᠳᠤ ᠬᠦᠷᠦᠭᠡᠳ ᠬᠠᠭᠤᠷᠠᠶ ᠵᠠᠮ  ᠤᠨ ᠴᠡᠷᠢᠭ ᠦᠨ ᠨᠣᠶᠠᠨ ᠤ ᠰᠤᠷᠭᠠᠭᠤᠯᠢ ᠳᠤ ᠭᠤᠷᠪᠠᠨ ᠵᠢᠯ ᠦᠨ ᠰᠤᠷᠤᠯᠭ᠎ᠠ ᠪᠠᠨ ᠲᠡᠭᠦᠰᠭᠡᠭᠰᠡᠨ ᠦ᠌ ᠳᠠᠷᠠᠭ᠎ᠠ ᠲᠤᠤᠺᠢᠤ᠊  ᠵᠢᠨ ᠰᠧ ᠾᠦᠶ  ᠵᠢᠨ ᠡᠮᠨᠡᠯᠭᠡ  ᠵᠢᠨ ᠶᠡᠬᠡ ᠰᠤᠷᠭᠠᠭᠤᠯᠢ ᠳᠤ ᠵᠠᠯᠭᠠᠨ ᠰᠤᠷᠤᠯᠴᠠᠪᠠ᠃ ᠶᠠᠫᠣᠨ ᠳᠤ ᠨᠡᠢᠲᠡ 6 ᠵᠢᠯ ᠰᠤᠷᠤᠯᠴᠠᠵᠤ 1912 ᠣᠨ ᠳᠤ ᠤᠯᠤᠰ ᠲᠠᠭᠠᠨ ᠪᠤᠴᠠᠵᠤ ᠢᠷᠡᠭᠡᠳ ᠵᠢᠯ ᠭᠠᠷᠤᠶ ᠡᠮᠴᠢᠯᠡᠵᠦ᠂ ᠳᠠᠷᠠᠭ᠎ᠠ ᠨᠢ ᠮᠣᠩᠭᠤᠯ ᠬᠡᠯᠡ ᠪᠢᠴᠢᠭ ᠦᠨ ᠠᠵᠢᠯ ᠢ ᠲᠦ᠍ᠰᠬᠠᠢᠯᠠᠨ ᠡᠷᠬᠢᠯᠡᠵᠦ᠂ ᠦᠨᠳᠦᠰᠦᠲᠡᠨ ᠦ ᠰᠣᠶᠤᠯ ᠰᠤᠷᠭᠠᠨ ᠬᠥᠮᠦᠵᠢᠯ ᠳ᠋ᠦ᠍ ᠰᠡᠳᠭᠢᠯ ᠲᠠᠯᠪᠢᠵᠤ᠂ ᠶᠠᠭᠠᠬᠢᠪᠠᠯ ᠰᠠᠶᠢ ᠥᠪᠡᠷ ᠦ᠋ᠨ ᠦᠨᠳᠦᠰᠦᠲᠡᠨ ᠢᠶᠡᠨ ᠰᠡᠷᠭᠦᠭᠡᠨ ᠮᠠᠨᠳᠤᠭᠤᠯᠵᠤ ᠪ ᠣᠯᠠᠨᠤ ᠠᠷᠭ᠎ᠠ ᠵᠠᠮ ᠢ ᠰᠦᠪᠡᠭᠴᠢᠯᠡᠨ ᠡᠷᠢᠯᠬᠢᠯᠡᠪᠡ᠃ ᠲᠡᠷᠡ ᠬᠡᠯᠡᠬᠦ ᠳᠡᠭᠡᠨ᠄ 《ᠮᠠᠨ ᠤ ᠮᠣᠩᠭᠤᠯ ᠦᠨᠳᠦᠰᠦᠲᠡᠨ ᠬᠡᠳᠦᠨ ᠵᠠᠭ ᠤᠨ ᠣᠨ ᠠᠴᠠ ᠡᠮᠦᠨ᠎ᠡ ᠦᠰᠥᠭ ᠪᠢᠴᠢᠭ ᠲᠡᠢ ᠪᠣᠯᠤᠭᠰᠠᠨ ᠪᠢᠯᠡ᠃ ᠬᠠᠷᠠᠮᠰᠠᠯᠲᠠᠶ ᠨᠢ ᠪᠢᠴᠢᠭ ᠰᠤᠳᠤᠷ ᠬᠡᠮᠡᠨ ᠲᠡᠦᠬᠡᠨ ᠳᠦ ᠬᠣᠴᠤ᠌ᠷᠭᠠᠨ ᠦᠯᠡᠳᠡᠭᠡᠭᠰᠡᠨ ᠵᠦᠢᠯ ᠬᠣᠪᠤᠷ ᠤᠴᠢᠷ ᠠᠴᠠ ᠮᠠᠨ ᠤ ᠦᠨᠳᠦᠰᠦᠲᠡᠨ ᠦ ᠠᠷᠪᠠᠨ ᠤ ᠨᠠᠢᠮᠠ ᠨᠢ ᠪᠦᠷ ᠦᠰᠥᠭ ᠪᠢᠴᠢᠭ ᠲᠠᠨᠢᠬᠤ ᠦᠬᠡᠶ᠃ ᠨᠠᠩ ᠢᠯᠠᠩᠭᠤᠶ᠎ᠠ ᠥᠪᠡᠷ ᠦ᠋ᠨ ᠳᠡᠭᠡᠳᠦᠰ ᠬᠢᠭᠡᠳ ᠲᠡᠭᠦᠨ ᠦ ᠣᠯᠠᠨ ᠬᠦᠯᠦᠭ ᠪᠠᠭᠠᠲᠦ᠍ᠷᠴᠤ᠌ᠳ  ᠤᠨ ᠨᠡᠷ᠎ᠡ ᠠᠯᠳᠠᠷ ᠠᠤᠭ᠎ᠠ ᠶᠡᠬᠡ ᠪᠠᠭᠠᠲᠦ᠍ᠷᠯᠢᠭ ᠦᠢᠯᠡᠰ ᠦᠨ  ᠲᠤᠰᠭᠠᠢ ᠲᠡᠦᠬᠡᠲᠦ ᠮᠡᠳᠡᠯᠭᠡ ᠤᠭᠲᠦ᠍ ᠦᠬᠡᠶ᠂ ᠡᠨᠡ ᠮᠡᠲᠦ ᠮᠤᠩᠬᠠᠭ ᠪᠠᠯᠠᠶ ᠪᠠᠷ ᠬᠡᠷᠬᠢᠨ ᠳᠠᠪᠰᠢᠭᠰᠠᠨ ᠦᠨᠳᠦᠰᠦᠲᠡᠨ ᠲᠡᠢ ᠬᠠᠮᠲᠤ ᠮᠥᠷᠦ ᠵᠡᠷᠭᠡᠴᠡᠵᠦ ᠤᠷᠤᠭᠰᠢᠯᠠᠵᠤ ᠴᠢᠳᠠᠬᠤ ᠪᠣᠶ? . . . . ᠡᠭᠦᠨ ᠳᠦ ᠤᠷᠢᠳ ᠢᠶᠠᠷ ᠰᠤᠷᠭᠠᠨ ᠬᠥᠮᠦᠵᠢᠯ ᠢ᠋ ᠲᠦᠭᠡᠮᠡᠯ ᠪᠣᠯᠭᠠᠬᠤ ᠠᠴᠠ ᠥᠭᠡᠷ᠎ᠡ ᠠᠷᠭ᠎ᠠ ᠦᠬᠡᠶ᠂ ᠵᠥᠪᠬᠡᠨ ᠬᠡᠯᠡᠭᠡᠳ ᠪ ᠣᠯᠠᠨᠤ ᠦᠬᠡᠶ᠂ ᠡᠷᠬᠡᠪᠰᠢ ᠬᠢᠵᠦ ᠦᠢᠯᠡᠳᠬᠦ ᠬᠡᠷᠡᠭᠲᠡᠶ᠂᠂᠂᠂》 ᠭᠡᠵᠡᠢ᠃ ᠲᠡᠮᠭᠡᠲᠦ ᠬᠡᠯᠡᠭᠰᠡᠨ ᠢᠶᠡᠷ ᠢᠶᠡᠨ ᠬᠢᠵᠦ ᠡᠬᠢᠯᠡᠪᠡ᠃ ᠵᠠᠮᠠᠷ ᠠᠷᠭ᠎ᠠ ᠪᠠᠷ ᠨᠣᠮ ᠪᠢᠴᠢᠭ ᠢ ᠬᠤᠷᠳ᠋ ᠤ᠋ᠨ ᠮᠥᠷᠲᠡᠭᠡᠨ ᠠᠷᠪᠢᠨ᠂ ᠴᠢᠨᠠᠷᠲᠠᠶ ᠪᠥᠭᠡᠳ ᠦᠵᠡᠮᠵᠢᠲᠡᠶ ᠰᠠᠢᠬᠠᠨ ᠬᠡᠪᠯᠡᠵᠦ᠂ ᠨᠡᠢᠭᠡᠮ ᠳᠡᠭᠡᠷ᠎ᠡ ᠥᠷᠭᠡᠨ ᠲᠠᠷᠬᠠᠭᠠᠬᠤ  ᠲᠤᠰᠭᠠᠢ ᠠᠰᠠᠭᠤᠳᠠᠯ ᠤᠳ ᠢ ᠪᠣᠳᠤᠯᠬᠢᠯᠠᠬᠤ ᠳ᠋ᠠᠭᠠᠨ ᠮᠣᠩᠭᠤᠯ ᠦᠰᠥᠭ ᠦᠨ ᠮᠣᠳᠤᠨ ᠢ᠋ᠶ᠋ᠠᠷ ᠢ᠋ ᠰᠢᠨᠡᠴᠢᠯᠡᠨ ᠥᠭᠡᠷᠡᠴᠢᠯᠡᠬᠦ ᠵᠣᠷᠢᠭ ᠲᠥᠷᠦᠭᠳᠡᠵᠡᠢ᠃ ᠲᠡᠷᠡ ᠪᠡᠷ ᠶᠠᠭ ᠤᠨ ᠤ ᠡᠮᠦᠨ᠎ᠡ ᠳᠣᠲᠤᠭᠠᠳᠤ ᠭᠠᠳᠠᠭᠠᠳᠤ  ᠵᠢᠨ ᠮᠣᠩᠭᠤᠯᠴᠢ ᠡᠷᠳᠡᠮᠲᠡᠳ ᠦᠨ ᠠᠯᠢ ᠬᠡᠳᠦᠢᠨ ᠡᠴᠡ ᠮᠣᠩᠭᠤᠯ ᠦᠰᠥᠭ ᠦᠨ ᠬᠡᠪᠯᠡᠬᠦ ᠮᠡᠷᠭᠡᠵᠢᠯ ᠢ ᠥᠭᠡᠷᠡᠴᠢᠯᠡᠬᠦ ᠪᠡᠷ᠂ ᠮᠣᠩᠭᠤᠯ ᠦᠰᠥᠭ ᠦᠨ ᠬᠣᠷᠭᠤᠯᠵᠢᠨ ᠪᠠᠷ ᠢ ᠣᠯᠠᠨ ᠤᠳᠠᠭ᠎ᠠ   ᠲᠦ᠍ᠷᠰᠢᠭᠰᠠᠨ   ᠲᠦ᠍ᠷᠰᠢᠯᠭ᠎ᠠ ᠰᠤᠷᠭᠠᠮᠵᠢ ᠶᠢ ᠪᠦᠬᠥ ᠲᠠᠯ᠎ᠠ ᠪᠠᠷ ᠳ᠋ᠦᠩᠨᠡᠵᠦ᠂ ᠡᠷᠲᠡ ᠡᠳᠦᠭᠡ  ᠵᠢᠨ ᠬᠡᠪᠯᠡᠬᠦ ᠮᠡᠷᠭᠡᠵᠢᠯ ᠦᠨ ᠪᠢᠴᠢᠭ ᠮᠠᠲ᠋ᠧᠷᠢᠶᠠᠯ ᠢ ᠡᠷᠵᠢᠨ ᠰᠤᠳᠤᠯᠵᠤ ᠣᠷᠤᠯᠳᠤᠵᠠᠢ᠃ ᠲᠡᠷᠡ ᠮᠣᠩᠭᠤᠯ ᠦᠰᠥᠭ ᠦᠨ ᠣᠨᠴᠠᠯᠢᠭ ᠢ ᠦᠨᠳᠦᠰᠦᠯᠡᠨ᠂ ᠦᠭᠡ ᠪᠦᠲᠦᠬᠦ ᠶᠣᠰᠤ ᠪᠠᠷ ᠴᠠᠭᠠᠨ ᠲᠣᠯᠦ᠍ᠭᠠᠶ  ᠵᠢᠨ ᠦᠰᠥᠭ ᠢ ᠡᠬᠢᠨ᠂ ᠳᠤᠮᠳᠠ᠂ ᠠᠳᠠᠭ    ᠲᠦ᠍ ᠣᠷᠤᠬᠤ ᠭᠤᠷᠪᠠᠨ ᠬᠡᠯᠪᠡᠷᠢ ᠪᠡᠷ ᠨᠡᠢᠲᠡ 400 ᠭᠠᠷᠤᠶ ᠦᠰᠥᠭ ᠢ ᠴᠠᠭᠠᠰᠤᠨ ᠳᠡᠭᠡᠷ᠎ᠡ ᠲᠡᠭᠰᠢ ᠰᠠᠢᠬᠠᠨ ᠪᠢᠴᠢᠵᠦ᠂ ᠤᠷᠢᠳ ᠢᠶᠠᠷ ᠬᠡᠷᠡᠯ ᠵᠢᠷᠤᠭ ᠠᠪ ᠴᠤ᠌ ᠪᠠᠭᠠᠰᠭᠠᠭᠰᠠᠨ ᠤ᠋ ᠳᠠᠷᠠᠭ᠎ᠠ ᠨᠠᠷᠢᠯᠢᠭ ᠮᠣᠳᠤᠨ ᠳᠡᠭᠡᠷ᠎ᠡ ᠤᠷᠠᠯᠠᠨ ᠰᠠᠢᠯᠵᠤ ᠦᠯᠢᠭᠡᠷ ᠬᠡᠪ ᠬᠢᠪᠡ᠃ ᠪᠠᠰᠠ ᠦᠬᠡᠷ ᠦᠨ ᠡᠪᠡᠷ ᠦᠨ ᠬᠡᠪ ᠢᠶᠡᠷ ᠪᠢᠴᠢᠭ ᠬᠡᠪᠯᠡᠵᠦ   ᠲᠦ᠍ᠷᠰᠢᠵᠤ ᠦᠵᠡᠭᠰᠡᠨ ᠳᠦ᠂ ᠳᠡᠭᠡᠷ᠎ᠡ ᠳᠣᠣᠷ᠎ᠠ᠂ ᠨᠢᠮᠭᠡᠨ ᠵᠤᠵᠠᠭᠠᠨ᠂ ᠶᠡᠬᠡ ᠪᠠᠭ᠎ᠠ᠂ ᠥᠷᠭᠡᠨ ᠨᠠᠷᠢᠨ ᠨᠢ ᠠᠳᠠᠯᠢ ᠦᠬᠡᠶ ᠲᠦ᠍ᠯᠠ ᠪᠠᠰᠠ ᠪᠣᠯᠤᠭᠰᠠᠨ ᠦᠬᠡᠶ᠃ ᠲᠡᠮᠭᠡᠲᠦ 《ᠵᠣᠷᠢᠭ ᠪᠠᠢᠪᠠᠯ ᠵᠣᠣ ᠳᠤ ᠬᠦᠷᠦᠨ᠎ᠡ ᠭᠡᠳᠡᠭ᠂ ᠵᠣᠭᠰᠤᠯ ᠦᠬᠡᠶ ᠲᠡᠮᠡᠴᠡᠪᠡᠯ ᠵᠣᠬᠢᠶᠠᠵᠤ ᠶᠠᠭᠠᠬᠢᠭᠰᠠᠨ  ᠴᠤ᠌ ᠴᠢᠳᠠᠨ᠎ᠠ》 ᠭᠡᠵᠦ ᠰᠢᠨᠲᠠᠷᠠᠵᠤ ᠮᠣᠬᠤᠰᠢ ᠦᠬᠡᠶ ᠲᠥᠰᠦᠪᠯᠡᠨ ᠴᠢᠷᠮᠠᠢᠪᠠ᠃ ᠲᠡᠷᠡ ᠪᠡᠭᠡᠵᠢᠩ ᠲᠢᠶᠠᠨᠵᠢᠨ ᠵᠡᠷᠭᠡ ᠭᠠᠵᠠᠷ  ᠤᠨ ᠦᠰᠥᠭ ᠰᠡᠢᠯᠦᠭᠴᠢ ᠠᠵᠢᠯᠴᠢᠨ ᠢ ᠰᠤᠷᠪᠤᠯᠵᠢᠯᠠᠵᠤ᠂ ᠰᠠᠨᠠᠯ ᠵᠥᠪᠯᠡᠯᠭᠡ ᠠᠪ ᠴᠤ᠌᠂   ᠲᠦ᠍ᠷᠰᠢᠯᠭ᠎ᠠ ᠰᠤᠷᠭᠠᠮᠵᠢ ᠶᠢ ᠣᠯᠠᠨ ᠲᠠᠯ᠎ᠠ ᠪᠠᠷ ᠳ᠋ᠦᠩᠨᠡᠪᠡ᠃ ᠠᠵᠢᠯᠴᠢᠳ  ᠤᠨ ᠲᠠᠨᠢᠯᠴᠠᠭᠤᠯᠭ᠎ᠠ ᠪᠠᠷ ᠶᠠᠫᠣᠨ ᠤ ᠰᠢᠷ᠎ᠠ ᠤᠯᠢᠶᠠᠰᠤᠨ ᠮᠣᠳᠤ ᠶ᠋ᠢ ᠣᠯᠵᠤ ᠲᠡᠭᠦᠨ ᠦ ᠳᠡᠭᠡᠷ᠎ᠡ ᠮᠣᠩᠭᠤᠯ ᠦᠰᠥᠭ ᠦᠨ ᠴᠠᠭᠠᠨ ᠲᠣᠯᠦ᠍ᠭᠠᠶ  ᠵᠢᠨ ᠦᠰᠥᠭ ᠦᠳ ᠢ ᠰᠡᠢᠯᠦᠭᠡᠳ ᠠᠩᠬᠠᠨ ᠤ ᠠᠮᠵᠢᠯᠲᠠ ᠶᠢ ᠣ ᠯᠦ᠍ᠭᠰᠠᠨ ᠤ ᠳᠠᠷᠠᠭ᠎ᠠ ᠲᠢᠶᠠᠨᠵᠢᠨ ᠬᠣᠲᠠ ᠳᠤ ᠬᠡᠳᠦᠨᠲᠡ ᠣᠴᠢᠵᠤ᠂ ᠦᠰᠥᠭ ᠰᠡᠢᠯᠬᠦ ᠮᠡᠷᠭᠡᠵᠢᠯ ᠲᠡᠢ ᠶᠠᠫᠣᠨ ᠬᠥᠮᠦᠨ ᠢ᠋ ᠡᠷᠢᠵᠦ᠂ ᠦᠰᠥᠭ ᠰᠡᠢᠯᠬᠦ ᠠᠷᠭ᠎ᠠ ᠮᠡᠷᠭᠡᠵᠢᠯ ᠢ ᠠᠰᠠᠭ ᠤᠨ ᠰᠤᠷᠪᠤᠯᠵᠢᠯᠠᠬᠤ  ᠵᠢᠨ ᠬᠠᠮᠲᠤ ᠬᠣᠯᠪᠤᠭᠳᠠᠯ ᠪᠦᠬᠦᠶ ᠪᠢᠴᠢᠭ ᠮᠠᠲ᠋ᠧᠷᠢᠶᠠᠯ ᠢ ᠣᠯᠵᠤ ᠨᠢᠭᠲᠠᠯᠠᠵᠤ ᠰᠤᠳᠤᠯᠵᠠᠶ᠃ ᠲᠡᠷᠡ ᠬᠡᠴᠢᠨᠡᠭᠡᠨ ᠴᠢᠷᠮᠠᠢᠵᠤ ᠪᠠᠢᠭᠠᠳ ᠶᠠᠫᠣᠨ ᠤ ᠤᠯᠢᠶᠠᠰᠤᠨ ᠮᠣᠳᠤ ᠶ᠋ᠢ ᠣᠯᠵᠤ᠂ ᠲᠡᠭᠦᠨ ᠳᠡᠭᠡᠷ᠎ᠡ ᠨᠠᠷᠢᠨ ᠬᠢᠨᠠᠮᠠᠭᠠᠢ ᠪᠠᠷ ᠦᠰᠥᠭ ᠰᠠᠢᠯᠵᠤ᠂ ᠮᠣᠩᠭᠤᠯ ᠦᠰᠥᠭ ᠦᠨ ᠠᠩᠬᠠᠨ ᠤ ᠬᠣᠷᠭᠤᠯᠵᠢᠨ ᠪᠠᠷ  ᠤᠨ ᠦᠷᠥᠮᠡᠯ ᠦᠰᠥᠭ ᠦᠨ ᠬᠡᠪ ᠢ ᠨᠠᠷᠢᠯᠢᠭ ᠰᠠᠢᠬᠠᠨ ᠬᠢᠵᠦ ᠪᠦᠲᠦᠭᠡᠭᠡᠳ᠂ ᠡᠨᠡ ᠬᠦ ᠬᠡᠪ ᠢᠶᠡᠨ ᠦᠨᠳᠦᠰᠦᠯᠡᠨ ᠭᠠᠤᠯᠵᠢᠨ ᠬᠡᠪ ᠴᠢᠳᠬ ᠤᠨ ᠭᠠᠷᠭᠠᠭᠰᠠᠨ ᠪᠠᠢᠨ᠎ᠠ᠃ ᠲᠡᠮᠭᠡᠲᠦ ᠪᠡᠷ ᠬᠠᠮᠤᠭ ᠠᠩᠬᠠᠨ ᠤ ᠮᠣᠩᠭᠤᠯ ᠬᠣᠷᠭᠤᠯᠵᠢᠨ ᠦᠰᠥᠭ ᠦᠨ ᠬᠡᠪ ᠢ ᠡᠭᠦᠳᠦᠨ ᠪᠦᠲᠦᠭᠡᠭᠰᠡᠨ ᠦ᠌ ᠳᠠᠷᠠᠭ᠎ᠠ ᠲᠡᠷᠡ ᠪᠠᠰᠠ ᠮᠣᠩᠭᠤᠯ ᠦᠨᠳᠦᠰᠦᠲᠡᠨ ᠦ ᠬᠠᠮᠤᠭ  ᠤᠨ ᠠᠩᠬᠠ? ᠤ ᠬᠡᠪᠯᠡᠯ ᠦᠨ ᠬᠣᠷᠢᠶ᠎ᠠ ᠪ ᠣᠯᠠᠨᠤ 《ᠮᠣᠩᠭᠤᠯ ᠪᠢᠴᠢᠭ ᠦᠨ ᠬᠣᠷᠢᠶ᠎ᠠ》 ᠶᠢ [922 ᠣᠨ ᠤ ᠬᠠᠪᠤᠷ᠂ ᠪᠡᠭᠡᠵᠢᠩ ᠳᠦ ᠡᠷᠬᠢᠯᠡᠨ ᠪᠠᠢᠭᠤᠯᠵᠤ᠂ ᠮᠠᠰᠢ ᠣᠯᠠᠨ ᠮᠣᠩᠭᠤᠯ ᠨᠣᠮ ᠪᠢᠴᠢᠭ ᠪᠠ ᠬᠡᠲᠦ ᠬᠡᠳᠦᠨ ᠰᠣᠨᠢᠨ ᠰᠡᠳᠭᠦᠯ ᠢ᠋ ᠨᠠᠢᠷᠠᠭᠤᠯ ᠤᠨ ᠬᠡᠪᠯᠡᠵᠡᠢ᠃ ᠲᠡᠷᠡ ᠮᠣᠩᠭᠤᠯ᠂ ᠬᠢᠲᠠᠳ᠂ ᠮᠠᠨᠵᠤ᠂ ᠲᠥᠪᠡᠳ ᠬᠡᠯᠡᠨ ᠳᠦ ᠨᠡᠪᠲᠡᠷᠡᠭᠰᠡᠨ ᠪᠥᠭᠡᠳ ᠶᠠᠫᠣᠨ᠂ ᠣᠷᠤᠰ ᠬᠡᠯᠡ ᠶᠢ ᠮᠡᠳᠡᠨ᠎ᠡ᠃ ᠪᠡᠭᠡᠵᠢᠩ ᠦᠨ ᠮᠣᠩᠭᠤᠯ ᠪᠢᠴᠢᠭ ᠦᠨ ᠬᠣᠷᠢᠶ᠎ᠠ ᠳᠤ ᠬᠣᠷᠢᠶ᠎ᠠ  ᠵᠢᠨ ᠳᠠᠷᠤᠭ᠎ᠠ᠂ ᠶᠡᠷᠦᠩᠬᠡᠶ ᠨᠠᠢᠷᠠᠭᠤᠯᠤᠭᠴᠢ ᠪᠣᠯᠵᠤ ᠲᠡᠭᠦᠨ ᠦ ᠭᠠᠷ ᠢᠶᠠᠷ ᠳᠠᠮᠵᠢᠵᠤ ᠬᠡᠪᠯᠡᠭᠰᠡᠨ ᠨᠣᠮ ᠭᠡᠪᠡᠯ᠄ 《ᠪᠣᠭᠳᠠ ᠴᠢᠩᠭᠢᠰ ᠬᠠᠭᠠᠨ ᠤ ᠴᠠᠳᠢᠭ》᠂ 《ᠴᠢᠩᠭᠢᠰ ᠪᠣᠭᠳᠠ  ᠵᠢᠨ ᠳᠤᠷᠠᠰᠭᠠᠯ ᠤ᠋ᠨ ᠲᠡᠭᠦᠪᠦᠷᠢ》᠂ 《ᠮᠣᠩᠭᠤᠯ ᠤ᠋ᠨ ᠢᠵᠠᠭᠤᠷ ᠲᠡᠦᠬᠡ》᠂ 《ᠶᠡᠬᠡ ᠶᠤᠸᠠᠨ ᠤᠯᠤᠰ  ᠤᠨ ᠪᠢᠴᠢᠭ》᠂ 《ᠰᠢᠨ᠎ᠡ ᠴᠣᠬᠤᠯᠠᠯ ᠲᠠᠢ ᠣᠷᠴᠢᠭᠤᠯᠤᠭᠰᠠᠨ ᠭᠤᠷᠪᠠᠨ ᠤᠯᠤᠰ  ᠤᠨ ᠲᠡᠦᠬᠡ》 ᠭᠡᠬᠦ ᠮᠡᠲᠦ ᠲᠡᠦᠬᠡ  ᠵᠢᠨ ᠨᠣᠮ 10 ᠵᠦᠢᠯ .. 《ᠮᠣᠩᠭᠤᠯ ᠤᠳᠭ᠎ᠠ   ᠵᠢᠨ ᠵᠦᠢᠯ ᠬᠤᠪᠢᠬᠠᠰᠠᠨ ᠲᠣᠯᠢ》᠂ 《ᠮᠣᠩᠭᠤᠯ ᠬᠢᠲᠠᠳ ᠬᠠᠪᠰᠤᠷᠭᠠᠭᠰᠠᠨ ᠲᠣᠯᠢ》 ᠭᠡᠬᠦ ᠮᠡᠲᠦ ᠲᠣᠯᠢ ᠪᠢᠴᠢᠭ 4 ᠵᠦᠢᠯ .. 《ᠮᠣᠩᠭᠤᠯ ᠦᠰᠥᠭ ᠦᠨ ᠴᠠᠭᠠᠨ ᠲᠣᠯᠦ᠍ᠭᠠᠶ》᠂ 《ᠮᠣᠩᠭᠤᠯ ᠬᠢᠲᠠᠳ ᠬᠠᠪᠰᠤᠷᠭᠠᠭᠰᠠᠨ ᠬᠢᠴᠢᠶᠡᠯ ᠦᠨ ᠪᠢᠴᠢᠭ》᠂ 《ᠳᠥᠷᠪᠡᠨ ᠪᠢᠴᠢᠭ》 ᠵᠡᠷᠭᠡ ᠰᠣᠶᠤᠯ ᠰᠤᠷᠭᠠᠨ ᠬᠥᠮᠦᠵᠢᠯ ᠦ᠋ᠨ  ᠲᠤᠰᠭᠠᠢ ᠨᠣᠮ 1) ᠵᠦᠢᠯ .. 《ᠯᠢᠶᠣᠣ ᠵᠠᠶ ᡁᠢ ᠢ ᠬᠡᠮᠡᠬᠦ ᠲᠡᠦᠬᠡ》 ᠵᠡᠷᠭᠡ ᠤᠳᠭ᠎ᠠ ᠵᠣᠬᠢᠶᠠᠯ  ᠤᠨ ᠨᠣᠮ 2 ᠵᠦᠢᠯ .. 《ᠮᠣᠩᠭᠤᠯ ᠢ᠋ ᠰᠡᠬᠡᠭᠡᠷᠡᠭᠦᠯᠬᠦ ᠭᠠᠷᠠᠭ  ᠤᠨ ᠰᠣᠨᠢᠨ》᠂ 《ᠮᠣᠩᠭᠤᠯ ᠭᠠᠷᠠᠭ  ᠤᠨ ᠰᠡᠳᠭᠦᠯ》 ᠵᠡᠷᠭᠡ ᠰᠣᠨᠢᠨ ᠰᠡᠳᠭᠦᠯ 4 ᠵᠦᠢᠯ .. 《ᠬᠤᠲᠤᠭᠲᠦ᠍ ᠶᠡᠬᠡ ᠲᠣᠨᠢᠯᠭᠠᠭᠴᠢ ᠨᠠᠷᠠ   ᠲᠦ᠍ ᠰᠤᠳᠤᠷ》 ᠭᠡᠬᠦ ᠮᠡᠲᠦ ᠱᠠᠰᠢᠨ ᠰᠢᠲᠦᠯᠭᠡ  ᠵᠢᠨ  ᠲᠤᠰᠭᠠᠢ ᠨᠣᠮ 5 ᠵᠦᠢᠯ .. 《ᠴᠠᠭ ᠤᠯᠠᠷᠢᠯ  ᠤᠨ ᠪᠢᠴᠢᠭ》 ᠭᠡᠬᠦ ᠮᠡᠲᠦ ᠪᠤᠰᠤᠳ ᠵᠦᠢᠯ ᠦᠨ ᠨᠣᠮ 9 ᠵᠦᠢᠯ᠂ ᠨᠡᠢᠲᠡ 40 ᠭᠠᠷᠤᠶ ᠵᠦᠢᠯ ᠦᠨ ᠮᠣᠩᠭᠤᠯ ᠨᠣᠮ ᠳᠡᠪᠲᠡᠷ ᠢ ᠬᠡᠪᠯᠡᠨ ᠲᠠᠷᠬᠠᠭᠠᠵᠠᠢ᠃  ᠲᠤᠰᠭᠠᠢ  ᠵᠢᠨ ᠦᠶ᠎ᠡ ᠳᠦ ᠳᠤᠮᠳᠠᠳᠤ ᠤᠯᠤᠰ    ᠲᠦ᠍ ᠬᠠᠮᠤᠭ ᠣᠯᠠᠨ ᠮᠣᠩᠭᠤᠯ ᠨᠣᠮ ᠪᠢᠴᠢᠭ ᠨᠠᠢᠷᠠᠭᠤᠯ ᠤᠨ ᠲᠠᠷᠬᠠᠭᠠᠭᠰᠠᠨ ᠬᠥᠮᠦᠨ ᠶᠤᠮ᠃ ᠮᠣᠩᠭᠤᠯ ᠦᠰᠥᠭ ᠦᠨ ᠬᠣᠷᠭᠤᠯᠵᠢᠨ ᠪᠠᠷ ᠢ ᠡᠭᠦᠳᠦᠨ ᠪᠦᠲᠦᠭᠡᠭᠰᠡᠨ ᠡᠴᠡ ᠮᠣᠩᠭᠤᠯ ᠨᠣᠮ ᠪᠢᠴᠢᠭ ᠢ ᠥᠷᠭᠡᠨ ᠳᠡᠯᠭᠡᠷᠡᠩᠭᠦᠶ ᠬᠡᠪᠯᠡᠬᠦ ᠳᠦ ᠰᠠᠭᠤᠷᠢ ᠲᠠᠯᠪᠢᠵᠤ ᠰᠠᠷᠠᠭᠤᠯ ᠢᠷᠡᠭᠡᠳᠦᠶ ᠶᠢ ᠠᠪᠴᠢᠷᠠᠭᠰᠠᠨ ᠶᠤᠮ᠃ ᠮᠣᠩᠭᠤᠯ ᠦᠨᠳᠦᠰᠦᠲᠡᠨ ᠦ ᠬᠡᠪᠯᠡᠯ ᠦᠨ ᠠᠵᠢᠯ  ᠤᠨ ᠵᠢᠳᠭᠦᠯᠲᠡᠨ᠂ ᠮᠣᠩᠭᠤᠯ ᠦᠰᠥᠭ ᠦᠨ ᠬᠣᠷᠭᠤᠯᠵᠢᠨ ᠪᠠᠷ  ᠤᠨ ᠡᠭᠦᠳᠦᠨ ᠪᠦᠲᠦᠭᠡᠭᠴᠢ᠂ ᠣᠷᠴᠢᠭᠤᠯᠤᠭᠴᠢ᠂ ᠨᠠᠢᠷᠠᠭᠤᠯᠤᠭᠴᠢ ᠲᠡᠮᠭᠡᠲᠦ ᠪᠡᠷ ᠮᠣᠩᠭᠤᠯ ᠦᠨᠳᠦᠰᠦᠲᠡᠨ ᠦ ᠬᠡᠪᠯᠡᠯ ᠦᠨ ᠦᠢᠯᠡᠰ ᠲᠦ ᠣᠨᠴᠠᠭᠠᠶ ᠪᠠᠢᠷᠢ ᠰᠠᠭᠤᠷᠢ ᠶᠢ ᠡᠵᠡᠯᠡᠵᠦ᠂ ᠦᠨᠳᠦᠰᠦᠲᠡᠨ ᠦ ᠰᠣᠶᠤᠯ᠂ ᠰᠤᠷᠭᠠᠨ ᠬᠥᠮᠦᠵᠢᠯ ᠦ᠋ᠨ ᠬᠥᠭᠵᠢᠯ ᠦ᠋ᠨ ᠲᠡᠦᠬᠡᠨ ᠳᠦ ᠭᠠᠪᠢᠶ᠎ᠠ ᠵᠢᠳᠭᠦᠯ ᠭᠠᠷᠭᠠᠭᠰᠠᠨ᠂ ᠲᠡᠦᠬᠡ ᠱᠠᠰᠲᠢᠷ  ᠲᠦ᠍ ᠲᠡᠮᠳᠡᠭᠯᠡᠯᠲᠡᠶ ᠬᠥᠮᠦᠨ ᠮᠥᠨ᠃ ᠲᠡᠮᠭᠡᠲᠦ  ᠵᠢᠨ ᠨᠠᠰᠤ ᠪᠠᠷᠠᠭᠰᠠᠨ  ᠲᠤᠰᠭᠠᠢ ᠲᠡᠮᠭᠡᠲᠦ  ᠵᠢᠨ ᠬᠥᠪᠡᠭᠦᠨ ᠸᠠᠩ ᠶᠦᠨ ᠲᠢᠩ ᠠᠪᠤ ᠪᠠᠨ ᠳᠤᠷᠠᠰᠭᠠᠭᠰᠠᠨ ᠵᠣᠬᠢᠶᠠᠯ ᠳᠠᠭᠠᠨ᠄ ᠡᠴᠢᠭᠡ  ᠮᠢᠨᠢ ᠠᠮᠢᠳᠤ ᠰᠡᠷᠡᠭᠦᠨ ᠪᠠᠢᠬᠤ ᠳᠠᠭᠠᠨ ᠶᠠᠫᠣᠨ ᠡᠵᠡᠷᠬᠡᠭ ᠲᠦᠷᠢᠮᠡᠬᠡᠢᠲᠡᠨ ᠦ ᠪᠣᠭᠤᠯ ᠪ ᠣᠯᠠᠨᠤ ᠳᠤᠷ᠎ᠠ ᠦᠬᠡᠶ᠂ ᠲᠠᠲᠠᠨ ᠤ ᠰᠠᠨᠠᠭ᠎ᠠ ᠪᠠᠷ ᠵᠠᠷᠤᠭᠳᠠᠬᠤ ᠦᠬᠡᠶ ᠪ ᠣᠯᠠᠨᠣᠷ ᠶᠠᠫᠣᠨ ᠬᠥᠮᠦᠨ ᠦ᠌ ᠬᠣᠷᠤᠰᠤᠯ ᠢ᠋ ᠬᠦᠷᠭᠡᠵᠡᠢ᠃ ᠲᠡᠭᠡᠬᠦᠯᠡᠷ ᠡᠴᠢᠭᠡ  ᠮᠢᠨᠢ ᠡᠷᠲᠡᠨ ᠡᠴᠡ ᠰᠡᠷᠡᠮᠵᠢᠯᠡᠵᠦ ᠡᠪᠡᠳᠴᠢᠨ ᠣ ᠯᠦ᠍ᠭᠰᠠᠨ  ᠴᠤ᠌ ᠶᠠᠫᠣᠨ ᠡᠮᠴᠢ ᠪᠡᠷ ᠦᠵᠡᠭᠦᠯᠳᠡᠭ ᠦᠬᠡᠶ ᠪᠠᠢᠵᠠᠢ᠃ ᠭᠡᠲᠡᠯ᠎ᠡ 1939 ᠣᠨ ᠳᠤ ᠨᠢᠭᠡ ᠤᠳᠠᠭ᠎ᠠ ᠬᠢᠮᠤᠷᠠᠯ ᠡᠪᠡᠳᠴᠢᠨ ᠳᠦ ᠨᠡᠷᠪᠡᠭᠳᠡᠵᠦ ᠬᠡᠷ ᠲᠡᠭᠡᠨ ᠪᠠᠢᠲᠠᠯ᠎ᠠ ᠰᠤᠷᠭᠠᠭᠤᠯᠢ  ᠵᠢᠨ ᠶᠠᠫᠣᠨ ᠡᠮᠴᠢ ᠥᠪᠡᠷ ᠢ᠋ᠶ᠋ᠡᠨ ᠡᠷᠢᠵᠦ ᠢᠷᠡᠭᠡᠳ ᠵᠡᠭᠦᠦ ᠬᠠᠳᠭᠤᠵᠤ ᠥᠭᠪᠡ᠃ ᠲᠡᠭᠡᠭᠡᠳ ᠮᠠᠷᠭᠠᠰᠢ ᠨᠢ ᠮᠢᠨᠤ ᠠᠪᠤ ᠨᠠᠰᠤ ᠨᠥᠭᠴᠢᠪᠡ ᠭᠡᠵᠦ ᠪᠢᠴᠢᠵᠦ