ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠡᠭᠰᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠡᠭᠰᠢ 《1925~ 1997》 ᠳᠡᠭᠡᠳᠦ ᠵᠡᠷᠭᠡ  ᠵᠢᠨ ᠨᠠᠢᠷᠠᠭᠤᠯᠤᠭᠴᠢ᠃ ᠬᠢᠩᠭᠠᠨ ᠠᠢᠮᠠᠭ  ᠤᠨ   ᠲᠦ᠍ᠶᠴᠢᠤᠸᠠᠨ ᠰᠢᠶᠠᠨ ᠤ ᠬᠥᠮᠦᠨ᠃ 1940 ᠣᠨ ᠤ 3 ᠰᠠᠷ᠎ᠠ ᠠᠴᠠ 1943 ᠣᠨ ᠤ12 ᠰᠠᠷ᠎ᠠ ᠬᠦᠷᠲᠡᠯ᠎ᠡ ᠸᠠᠩ  ᠤᠨ ᠰᠦᠮ᠎ᠡ ( ᠣᠳᠣᠬᠢ ᠤᠯᠠᠭᠠᠨᠬᠣᠲᠠ ) ᠳᠠᠬᠢ ᠬᠥᠮᠦᠵᠢᠭᠦᠯᠦᠨ ᠪᠦᠲᠦᠭᠡᠬᠦ ᠳᠡᠭᠡᠳᠦ ᠰᠤᠷᠭᠠᠭᠤᠯᠢ ᠳᠤ ᠰᠤᠷᠤᠯᠴᠠᠵᠤ᠂1944 ᠣᠨ ᠤ 3 ᠰᠠᠷ᠎ᠠ ᠠᠴᠠ 1944 ᠣᠨ ᠤ 12 ᠰᠠᠷ᠎ᠠ ᠬᠦᠷᠲᠡᠯ᠎ᠡ ᠵᠠᠯᠠᠨ ᠠᠢᠯ  ᠤᠨ ᠪᠠᠭᠰᠢ  ᠵᠢᠨ ᠰᠤᠷᠭᠠᠭᠤᠯᠢ ᠳᠤ ᠰᠤᠷᠤᠯᠴᠠᠵᠤ᠂ 1945ᠣᠨ ᠤ 3 ᠰᠠᠷ᠎ᠠ ᠠᠴᠠ 1945 ᠣᠨ ᠤ 8 ᠰᠠᠷ᠎ᠠ ᠬᠦᠷᠲᠡᠯ᠎ᠡ ᠬᠣᠷᠴᠢᠨ ᠪᠠᠷᠠᠭᠤᠨ ᠭᠠᠷ ᠤᠨ ᠡᠮᠦᠨᠡᠲᠦ ᠬᠣᠰᠢᠭᠤᠨ ᠤ ᠤᠯᠠᠭᠠᠨᠮᠤᠲᠦ᠍ ᠰᠤᠷᠭᠠᠭᠤᠯᠢ ᠳᠤ ᠪᠠᠭᠰᠢᠯᠠᠪᠠ᠃ 1946 ᠣᠨ ᠤ 6 ᠰᠠᠷ᠎ᠠ ᠠᠴᠠ [959 ᠣᠨ ᠤ 3 ᠰᠠᠷ᠎ᠠ ᠬᠦᠷᠲᠡᠯ᠎ᠡ ᠤᠷᠢᠳ ᠬᠣᠵᠢᠳ 《ᠣᠯᠠᠨ ᠲᠦᠮᠡᠨ》 ᠰᠣᠨᠢᠨ᠂ 《ᠥᠪᠡᠷᠲᠡᠭᠡᠨ ᠵᠠᠰᠠᠬᠤ ᠥᠪᠦᠷ ᠮᠣᠩᠭᠤᠯ》᠂ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠢᠲᠠᠳ ᠬᠡᠪᠯᠡᠯ ᠦᠨ ᠰᠤᠷᠪᠤᠯᠵᠢᠯᠠᠭᠴᠢ᠂ ᠤᠯᠤᠰ ᠲᠦᠷᠥ ᠰᠣᠶᠤᠯ ᠤ᠋ᠨ ᠬᠡᠯᠲᠡᠰ ᠦᠨ ᠳᠡᠳ᠋ ᠡᠷᠬᠢᠯᠡᠭᠴᠢ ᠪᠡᠷ ᠠᠵᠢᠯᠯᠠᠪᠠ᠃ 1959 ᠣᠨ ᠤ 4 ᠰᠠᠷ᠎ᠠ ᠠᠴᠠ 1960 ᠣᠨ ᠤ 4 ᠰᠠᠷ᠎ᠠ ᠬᠦᠷᠲᠡᠯ᠎ᠡ ᠬᠥᠳᠡᠭᠡ ᠪᠠᠭᠤᠵᠤ᠂ ᠠᠯᠠ ᠱᠠᠨ ᠬᠣᠰᠢᠭᠤᠨ ᠳᠤ ᠨᠢᠭᠡᠳᠦᠯ ᠦᠨ ᠨᠠᠮ  ᠤᠨ ᠬᠣᠷᠢᠶᠠᠨ ᠤ᠋ ᠱᠦᠵᠢ ᠪᠣᠯᠪᠠ᠃ 1960 ᠣᠨ ᠤ 5 ᠰᠠᠷ᠎ᠠ ᠠᠴᠠ 1986 ᠣᠨ ᠤ 6 ᠰᠠᠷ᠎ᠠ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠣᠷᠢᠶ᠎ᠠ ᠳᠤ ᠠᠵᠢᠯᠯᠠᠵᠤ᠂ ᠤᠷᠢᠳ ᠬᠣᠵᠢᠳ ᠬᠢᠲᠠᠳ ᠬᠡᠪᠯᠡᠯ ᠦᠨ ᠰᠤᠷᠪᠤᠯᠵᠢᠯᠠᠭᠴᠢ  ᠵᠢᠨ ᠬᠡᠯᠲᠡᠰ ᠦᠨ ᠳᠡᠳ᠋ ᠡᠷᠬᠢᠯᠡᠭᠴᠢ᠂ ᠠᠯᠪᠠᠨ ᠬᠡᠷ ᠦᠨ ᠳᠡᠳ᠋ ᠡᠷᠬᠢᠯᠡᠭᠴᠢ᠂ ᠳᠡᠳ᠋ ᠬᠣᠷᠢᠶᠠᠨ ᠳᠠᠷᠤᠭ᠎ᠠ᠂ ᠨᠠᠮ  ᠤᠨ ᠬᠣᠷᠢᠶᠠᠨ ᠤ᠋ ᠭᠡᠰᠢᠭᠦᠨ ᠵᠡᠷᠭᠡ    ᠲᠤᠰᠢᠶᠠᠯ ᠬᠠᠷᠢᠭᠤᠴᠠᠪᠠ᠃ 1949 ᠣᠨ ᠤ 2 ᠰᠠᠷ᠎ᠠ ᠳᠤ ᠳᠤᠮᠳᠠᠳᠤ ᠤᠯᠤᠰ  ᠤᠨ ᠡᠪ ᠬᠠᠮᠲᠤ ᠨᠠᠮ ᠳᠤ ᠣᠷᠤᠵᠤ᠂ ᠪᠡᠭᠡᠵᠢᠩ ᠦᠨ ᠰᠣᠨᠢᠨ ᠮᠡᠳᠡᠭᠡᠨ ᠦ ᠰᠤᠷᠭᠠᠭᠤᠯᠢ ᠳᠤ l ᠵᠢᠯ ᠰᠤᠷᠤᠯᠴᠠᠪᠠ ( 1950~ 1951 ᠣᠨ )᠃ 1947 ᠣᠨ ᠤ 7 ᠰᠠᠷ᠎ᠠ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠴᠡᠷᠢᠭ ᠦᠨ ᠮᠣᠷᠢ   ᠲᠦ᠍ ᠴᠡᠷᠢᠭ ᠦᠨ ᠨᠢᠭᠡᠳᠦᠭᠡᠷ ᠳ᠋ᠢᠸᠢᠽᠢ ᠶᠢ ᠳᠠᠭᠠᠵᠤ ᠡᠮᠦᠨ᠎ᠡ ᠹᠷᠣᠨᠲ  ᠲᠦ᠍ ᠬᠦᠷᠴᠤ᠌᠂《ᠰᠠᠨ ᠳ᠋ᠣᠣ ᠭᠧᠤ  ᠵᠢᠨ ᠨᠡᠬᠡᠮᠵᠢᠯᠡᠭᠰᠡᠨ ᠳᠠᠵᠢᠨ》᠂ 《ᠳᠦᠴᠧᠩᠽᠢ  ᠵᠢᠨ ᠪᠦᠰᠡᠯᠡᠯᠲᠡ  ᠵᠢᠨ ᠳᠠᠵᠢᠨ》᠂ 《ᠵᠢᠶᠠᠩ ᠵᠢᠶᠧ ᠰ᠌ᠢ  ᠵᠢᠨ ᠴᠡᠷᠢᠭ ᠦᠨ ᠣᠯᠵᠠᠯᠠᠭᠰᠠᠳ ᠢ ᠰᠤᠷᠪᠤᠯᠵᠢᠯᠠᠭᠰᠠᠨ ᠲᠡᠮᠳᠡᠭᠯᠡᠯ》᠂ 《ᠡᠮᠦᠨ᠎ᠡ ᠹᠷᠣᠨᠲ  ᠤᠨ ᠰᠢᠨ᠎ᠡ ᠵᠢᠯ》 ᠵᠡᠷᠭᠡ ᠴᠢᠮᠡᠭᠡᠯᠡᠯ ᠪᠢᠴᠢᠵᠦ 《ᠥᠪᠦᠷ ᠮᠣᠩᠭᠤᠯ ᠤ᠋ᠨ ᠡᠳᠦᠷ ᠦᠨ ᠰᠣᠨᠢᠨ》 ᠳᠤ ᠨᠠᠢᠳᠠᠯᠠᠪᠠ᠃ 1948 ᠣᠨ ᠳᠤ 《ᠲᠠᠯ᠎ᠠ ᠨᠤᠲᠤᠭ  ᠤᠨ ᠣᠪᠤᠭᠠᠨ ᠨᠠᠢᠷ》᠂ 《ᠮᠣᠩᠭᠤᠯ ᠬᠡᠷ》᠂ 《ᠥᠷᠯᠦᠭᠡ》᠂ 《ᠬᠥᠳᠡᠭᠡ ᠲᠣᠰᠭᠤᠨ ᠤ᠋ ᠰᠤᠷᠭᠠᠨ ᠬᠥᠮᠦᠵᠢᠯ ᠦ᠋ᠨ ᠠᠵᠢᠯ ᠳᠠᠬᠢ ᠬᠡᠳᠦᠨ ᠠᠰᠠᠭᠤᠳᠠᠯ》 ᠵᠡᠷᠭᠡ ᠴᠢᠮᠡᠭᠡᠯᠡᠯ ᠪᠢᠴᠢᠵᠦ᠂ 1952 ᠣᠨ ᠳᠤ ᠲᠢᠶᠠᠨᠵᠢᠨ ᠳᠤ ᠪᠣᠯᠤᠭᠰᠠᠨ ᠤᠮᠠᠷᠠᠲᠦ᠍ ᠣᠷᠤᠨ ᠤ᠋ ᠡᠳ᠋ ᠪᠠᠷᠠᠭ᠎ᠠ  ᠵᠢᠨ ᠰᠣᠯᠢᠯᠴᠠᠭ᠎ᠠ  ᠵᠢᠨ ᠦᠵᠡᠰᠭᠦᠯᠡᠩ ᠳ᠋ᠦ᠍ ᠣᠷᠤᠯᠴᠠᠵᠤ᠂ ᠥᠪᠦᠷ ᠮᠣᠩᠭᠤᠯ ᠢ᠋ ᠲᠠᠨᠢᠯᠴᠠᠭᠤᠯᠤᠭᠰᠠᠨ ᠵᠢᠵᠢᠭ ᠲᠣᠪᠬᠢᠮᠠᠯ ᠢ ᠨᠠᠢᠷᠠᠭᠤᠯ ᠤᠨ ᠬᠡᠪᠯᠡᠨ ᠲᠠᠷᠬᠠᠭᠠᠵᠤ᠂ 《ᠥᠨᠢᠷ ᠪᠠᠶᠠᠯᠢᠭ ᠥᠪᠦᠷ ᠮᠣᠩᠭᠤᠯ》 ᠵᠡᠷᠭᠡ ᠴᠢᠮᠡᠭᠡᠯᠡᠯ ᠪᠢᠴᠢᠪᠡ᠃ 1953 ᠣᠨ ᠤ 10 ᠰᠠᠷ᠎ᠠ ᠳᠤ ᠥᠪᠦᠷ ᠮᠣᠩᠭᠤᠯ ᠤ᠋ᠨ ᠲᠣᠬᠤᠨᠢᠭᠤᠯᠬᠤ ᠪᠦᠯᠬᠦᠮ ᠢ ᠳᠠᠭᠠᠵᠤ ᠰᠣᠯᠤᠩᠭᠤᠰ     ᠲᠦ᠍ ᠬᠦᠷᠴᠦ᠂ 《ᠡᠬᠡ ᠤᠯᠤᠰ ᠲᠠᠭᠠᠨ ᠰᠢᠳᠤᠷᠭᠤ ᠬᠥᠮᠦᠰ》᠂ 《ᠲᠠᠳᠠ ᠪᠣᠯ ᠲᠤᠭ ᠮᠥᠨ᠂ ᠮᠠᠨ ᠤ ᠰᠤᠷᠤᠯᠴᠠᠬᠤ ᠳᠠᠭᠤᠷᠢᠶᠠᠯ ᠮᠥᠨ》᠂ 《 ᠴᠢᠰᠤᠨ ᠪᠠᠷᠢᠯᠳᠤᠭᠠᠨ  ᠲᠦ᠍ ᠨᠥᠬᠦᠷᠯᠡᠯ》᠂ 《ᠢᠯᠠᠭᠳᠠᠰᠢ ᠦᠬᠡᠶ ᠰᠣᠯᠤᠩᠭᠤᠰ ᠤ᠋ᠨ ᠠᠷᠠᠳ ᠲᠦᠮᠡᠨ》 ᠭᠡᠬᠦ 4 ᠰᠤᠷᠪᠤᠯᠵᠢᠯᠠᠭ᠎ᠠ ᠪᠠ ᠬᠡᠷᠡᠯ ᠵᠢᠷᠤᠭ  ᠤᠨ    ᠲᠤᠰᠭᠠᠢ ᠨᠢᠭᠤᠷ ᠨᠠᠢᠳᠠᠯᠠᠪᠠ᠃ 1957 ᠣᠨ ᠳᠤ ᠤᠯᠠᠭᠠᠨᠭᠦᠦ ᠵᠡᠷᠭᠡ ᠤᠳᠤᠷᠢᠳᠬᠤ ᠬᠥᠮᠦᠰ ᠦ᠋ᠨ ᠡᠬᠢᠨ ᠦ ᠦᠶ᠎ᠡ  ᠵᠢᠨ ᠬᠤᠪᠢᠰᠭᠠᠯ   ᠲᠦ᠍ ᠠᠵᠢᠯᠯᠠᠭ᠎ᠠ ᠶᠢ ᠲᠡᠮᠳᠡᠭᠯᠡᠭᠰᠡᠨ 《ᠬᠤᠪᠢᠰᠭᠠᠯ ᠤ᠋ᠨ ᠣᠴᠢ ᠥᠪᠦᠷ ᠮᠣᠩᠭᠤᠯ ᠤ᠋ᠨ ᠲᠠᠯ᠎ᠠ ᠨᠤᠲᠤᠭ    ᠲᠦ᠍ ᠬᠡᠷᠬᠢᠨ ᠳᠦᠷᠡᠯᠵᠡᠭᠰᠡᠨ ᠪᠣᠶ》 ᠭᠡᠬᠦ ᠣᠷᠳᠣ ᠴᠢᠮᠡᠭᠡᠯᠡᠯ ᠪᠢᠴᠢᠵᠦ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠢᠲᠠᠳ ᠬᠡᠪᠯᠡᠯ ( 1957 5. 2 ) ᠳᠦ ᠨᠡᠢᠲᠡᠯᠡᠭᠦᠯᠪᠡ᠃ 1963 ᠣᠨ ᠳᠤ 《ᠵᠣᠷᠢᠭᠲᠠᠶ ᠪᠠᠷ ᠬᠤᠪᠢᠰᠭᠠᠯ ᠬᠢᠵᠦ᠂ ᠴᠢᠳᠠᠮᠠᠭᠠᠶ ᠪᠠᠷ ᠬᠤᠪᠢᠰᠭᠠᠯ ᠬᠢᠰᠦᠭᠡᠢ》᠂ 1982 ᠣᠨ ᠳᠤ 《ᠵᠠᠩᠭᠢᠯᠠᠭ᠎ᠠ ᠨᠢ ᠢᠲᠡᠭᠡᠯ ᠬᠠᠷᠢᠭᠤᠴᠠᠯᠭ᠎ᠠ ᠪᠠᠨ ᠴᠢᠩᠭᠠᠳᠭᠠᠬᠤ ᠳ᠋ᠤ᠌ ᠪᠣᠶ》᠂ 《ᠤᠯᠤᠰ ᠲᠦᠷᠥ ᠦᠵᠡᠯ ᠰᠠᠨᠠᠭᠠᠨ ᠤ ᠠᠵᠢᠯ  ᠤᠨ ᠡᠨᠡ ᠬᠦ ᠭᠣᠭ ᠴᠤ᠌ᠭ᠎ᠠ ᠶ᠋ᠢ ᠴᠢᠩᠭ᠎ᠠ ᠠᠳᠭᠤᠰᠤᠭᠠᠢ》 ᠵᠡᠷᠭᠡ ᠴᠢᠮᠡᠭᠡᠯᠡᠯ ᠪᠢᠴᠢᠪᠡ᠃