ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠡᠭᠦᠰ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠡᠭᠦᠰ ( 1924—— ) ᠤᠭ ᠨᠡᠷ᠎ᠡ ᠨᠢ ᠲᠡᠭᠦᠰ ᠴᠤ᠌ᠭ   ᠲᠦ᠍᠂ 《ᠥᠷᠯᠦᠭᠡ》 ᠰᠣᠨᠢᠨ᠂ 《ᠣᠯᠠᠨ ᠲᠦᠮᠡᠨ》 ᠰᠣᠨᠢᠨ᠂ 《ᠥᠪᠡᠷᠲᠡᠭᠡᠨ ᠵᠠᠰᠠᠬᠤ ᠥᠪᠦᠷ ᠮᠣᠩᠭᠤᠯ》 ᠰᠣᠨᠢᠨ ᠢ ᠡᠭᠦᠰᠭᠡᠨ ᠡᠷᠬᠢᠯᠡᠭᠰᠡᠨ ᠬᠥᠮᠦᠨ᠃ ᠥᠪᠦᠷ ᠮᠣᠩᠭᠤᠯ ᠤ᠋ᠨ ᠵᠢᠷᠢᠮ ᠠᠢᠮᠠᠭ  ᠤᠨ ᠬᠣᠷᠴᠢᠨ ᠵᠡᠭᠦᠨ ᠭᠠᠷ ᠤᠨ ᠳᠤᠮᠳᠠᠳᠤ ᠬᠣᠰᠢᠭᠤᠨ ᠤ ᠬᠥᠮᠦᠨ᠂ᠸᠠᠩ  ᠤᠨ ᠰᠦᠮ᠎ᠡ ( ᠣᠳᠣᠬᠢ ᠤᠯᠠᠭᠠᠨᠬᠣᠲᠠ ) ᠳᠠᠬᠢ ᠬᠢᠩᠭᠠᠨ ᠳᠡᠭᠡᠳᠦ ᠰᠤᠷᠭᠠᠭᠤᠯᠢ᠂ ᠴᠠᠩᠴ ᠤᠨ ᠳᠠᠬᠢ ᠵᠢᠶᠠᠨ ᠭᠦᠸᠸ ᠶᠡᠬᠡ ᠰᠤᠷᠭᠠᠭᠤᠯᠢ ᠳᠤ ᠰᠤᠷᠤᠯᠴᠠᠵᠤ ᠥᠩᠭᠡᠷᠡᠪᠡ᠃ 1945 ᠣᠨ ᠤ 1 0 ᠰᠠᠷ᠎ᠠ ᠳᠤ ᠥᠪᠦᠷ ᠮᠣᠩᠭᠤᠯ ᠤ᠋ᠨ ᠠᠷᠠᠳ  ᠤᠨ ᠬᠤᠪᠢᠰᠭᠠᠯ   ᠲᠦ᠍ ᠵᠠᠯᠠᠭᠤ ᠴᠤ᠌ᠳ  ᠤᠨ ᠡᠪᠯᠡᠯ ( 1949 ᠣᠨ ᠳᠤ ᠳᠤᠮᠳᠠᠳᠤ ᠤᠯᠤᠰ  ᠤᠨ ᠰᠢᠨ᠎ᠡ ᠠᠷᠠᠳᠴᠢᠯᠠᠭᠰᠠᠨ ᠵᠠᠯᠠᠭᠤ ᠴᠤ᠌ᠳ  ᠤᠨ ᠡᠪᠯᠡᠯ ᠳᠦ ᠰᠢᠯᠵᠢᠪᠡ ) ᠢ ᠪᠠᠢᠭᠤᠯᠬᠤ ᠠᠵᠢᠯ ᠳᠤ ᠣᠷᠤᠯᠴᠠᠵᠤ᠂ ᠲᠤᠰ ᠡᠪᠯᠡᠯ ᠦᠨ ᠭᠦᠢᠴᠡᠳᠬᠡᠬᠦ ᠭᠡᠰᠢᠭᠦᠨ᠂ ᠳᠡᠳ᠋ ᠨᠠᠷᠢᠨ ᠪᠢᠴᠢᠭ ᠦᠨ ᠳᠠᠷᠤᠭ᠎ᠠ ᠪᠣᠯᠪᠠ᠃ ᠳᠤᠮᠳᠠᠳᠤ ᠤᠯᠤᠰ  ᠤᠨ ᠡᠪ ᠬᠠᠮᠲᠤ ᠨᠠᠮ  ᠤᠨ ᠤᠳᠤᠷᠢᠳᠤᠭᠰᠠᠨ l946 ᠣᠨ ᠤ 《4 3 ᠤ ᠬᠤᠷᠠᠯ》  ᠤᠨ ᠳᠠᠷᠠᠭ᠎ᠠ᠂ 《ᠳᠣᠲᠤᠭᠠᠳᠤ ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠬᠣᠯᠪᠤᠨ ᠨᠡᠢᠯᠡᠯᠳᠦᠭᠰᠡᠨ ᠬᠤᠷᠠᠯ》  ᠤᠨ ᠵᠡᠭᠦᠨ ᠮᠣᠩᠭᠤᠯ ᠤ᠋ᠨ ᠶᠡᠷᠦᠩᠬᠡᠶ ᠬᠤᠪᠢᠶᠠᠷᠢ ᠬᠤᠷᠠᠯ  ᠤᠨ ᠭᠦᠢᠴᠡᠳᠬᠡᠬᠦ ᠭᠡᠰᠢᠭᠦᠨ ᠪᠣᠯᠪᠠ᠃ 1946 ᠣᠨ ᠤ 7 ᠰᠠᠷ᠎ᠠ ᠳᠤ ᠳᠤᠮᠳᠠᠳᠤ ᠤᠯᠤᠰ  ᠤᠨ ᠡᠪ ᠬᠠᠮᠲᠤ ᠨᠠᠮ ᠳᠤ ᠣᠷᠤᠪᠠ᠃ ᠲᠤᠰ ᠵᠢᠯ ᠳᠦ ᠥᠪᠦᠷ ᠮᠣᠩᠭᠤᠯ ᠤ᠋ᠨ ᠠᠷᠠᠳ  ᠤᠨ ᠬᠤᠪᠢᠰᠭᠠᠯ   ᠲᠦ᠍ ᠵᠠᠯᠠᠭᠤ ᠴᠤ᠌ᠳ  ᠤᠨ ᠡᠪᠯᠡᠯ ᠦᠨ ᠡᠷᠬᠢᠯᠡᠵᠦ ᠪᠠᠢᠭᠰᠠᠨ 《ᠣᠯᠠᠨ ᠲᠦᠮᠡᠨ》 ᠰᠣᠨᠢᠨ ᠢ 《ᠳᠣᠲᠤᠭᠠᠳᠤ ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠬᠣᠯᠪᠤᠨ ᠨᠡᠢᠯᠡᠯᠳᠦᠭᠰᠡᠨ ᠬᠤᠷᠠᠯ》  ᠤᠨ ᠵᠡᠭᠦᠨ ᠮᠣᠩᠭᠤᠯ ᠤ᠋ᠨ ᠶᠡᠷᠦᠩᠬᠡᠶ ᠬᠤᠪᠢᠶᠠᠷᠢ ᠬᠤᠷᠠᠯ  ᠤᠨ ᠪᠠᠢᠭᠤᠯᠭ᠎ᠠ  ᠵᠢᠨ ᠰᠣᠨᠢᠨ ᠪᠣᠯᠭᠠᠨ ᠬᠤᠪᠢᠷᠠᠭᠤᠯᠬᠤ ᠠᠵᠢᠯ ᠳᠤ ᠣᠷᠤᠯᠴᠠᠵᠤ᠂ ᠲᠤᠰ ᠰᠣᠨᠢᠨ ᠤ ᠶᠡᠷᠦᠩᠬᠡᠶ ᠨᠠᠢᠷᠠᠭᠤᠯᠤᠭᠴᠢ ᠪᠣᠯᠪᠠ᠃ 1947 ᠣᠨ ᠤ 1 ᠰᠠᠷ᠎ᠠ  ᠵᠢᠨ 1 ᠤ ᠡᠳᠦᠷ᠂ ᠮᠣᠩᠭᠤᠯ ᠬᠢᠲᠠᠳ ᠬᠣᠶᠠᠷ ᠬᠡᠪᠯᠡᠯ ᠦᠨ 《ᠣᠯᠠᠨ ᠲᠦᠮᠡᠨ》 ᠰᠣᠨᠢᠨ ᠢ 《ᠠᠸᠢᠲ᠋ᠣᠨᠣᠮᠢᠳᠤ ᠳᠣᠲᠤᠭᠠᠳᠤ ᠮᠣᠩᠭᠤᠯ》 ᠰᠣᠨᠢᠨ ( ᠬᠣᠵᠢᠮ ᠨᠢ 《ᠥᠪᠡᠷᠲᠡᠭᠡᠨ ᠵᠠᠰᠠᠬᠤ ᠥᠪᠦᠷ ᠮᠣᠩᠭᠤᠯ》 ᠰᠣᠨᠢᠨ ᠭᠡᠵᠦ ᠬᠠᠯᠠᠪᠠ ) ᠬᠡᠮᠡᠨ ᠬᠠᠯᠠᠭᠰᠠᠨ ᠤ ᠳᠠᠷᠠᠭ᠎ᠠ ᠳᠡᠳ᠋ ᠬᠣᠷᠢᠶᠠᠨ ᠳᠠᠷᠤᠭ᠎ᠠ ᠪᠠ ᠶᠡᠷᠦᠩᠬᠡᠶ ᠨᠠᠢᠷᠠᠭᠤᠯᠤᠭᠴᠢ ᠪᠠᠷ ᠠᠵᠢᠯᠯᠠᠵᠤ᠂ ᠮᠠᠰᠢ ᠠᠷᠪᠢᠨ ᠬᠣᠷᠢᠶᠠᠨ ᠤ᠋ ᠥᠭᠦᠯᠡᠯ᠂ ᠰᠢᠭᠦᠮᠵᠢ ᠪᠢᠴᠢᠭᠰᠡᠨ ᠪᠥᠭᠡᠳ ᠥᠪᠡᠷ ᠢ᠋ᠶ᠋ᠡᠨ  ᠴᠤ᠌ ᠡᠮᠦᠨ᠎ᠡ ᠹᠷᠣᠨᠲ    ᠲᠦ᠍ ᠬᠦᠷ ᠴᠤ᠌ ᠰᠤᠷᠪᠤᠯᠵᠢᠯᠠᠨ 《ᠬᠠᠷ᠎ᠠ ᠤᠰ ᠤᠨ ᠰᠦᠮ᠎ᠡ  ᠵᠢᠨ ᠳᠠᠵᠢᠨ》᠂ ᠵᠢᠴᠢ ᠲᠦᠩᠯᠢᠶᠦᠦ ᠳᠡᠬᠢ ᠭᠣᠮᠢᠨᠳᠠᠩ  ᠤᠨ ᠴᠡᠷᠢᠭ ᠢ ᠪᠤᠲᠠᠴᠣᠬᠢᠭᠰᠠᠨ ᠵᠡᠷᠭᠡ ᠮᠡᠳᠡᠭᠡ ᠴᠢᠮᠡᠭᠡᠯᠡᠯ ᠪᠢᠴᠢᠵᠦ ᠰᠣᠨᠢᠨ ᠳᠡᠭᠡᠷ᠎ᠡ ᠨᠠᠢᠳᠠᠯᠠᠨ᠂ ᠭᠣᠮᠢᠨᠳᠠᠩ  ᠤᠨ ᠨᠢᠰᠭᠡᠯ ᠢ᠋ᠶ᠋ᠡᠷ ᠲᠠᠷᠬᠠᠭᠠᠭᠰᠠᠨ 《ᠵᠡᠭᠦᠨ ᠬᠣᠢᠲᠤ  ᠵᠢᠨ ᠮᠣᠩᠭᠤᠯ ᠠᠷᠠᠳ    ᠲᠦ᠍ ᠮᠡᠳᠡᠭᠳᠡᠬᠦ ᠪᠢᠴᠢᠭ》 ᠲᠦ ᠴᠢᠭᠯᠡᠭᠦᠯᠦᠨ 《ᠨᠢᠰᠬᠦ ᠣᠩᠭᠣᠴᠠ  ᠵᠢᠨ ᠬᠣᠵᠢᠨᠠᠴᠠ》 ᠬᠡᠮᠡᠬᠦ ᠰᠢᠯᠦᠭ ᠨᠠᠢᠳᠠᠯᠠᠵᠤ᠂ ᠭᠣᠮᠢᠨᠳᠠᠩ  ᠤᠨ ᠣᠪ ᠶᠠᠪᠤᠭᠤᠯᠭ᠎ᠠ ᠶᠢ ᠢᠯᠡᠴᠢᠯᠡᠪᠡ᠃ 1948 ᠣᠨ ᠤ ) ᠰᠠᠷ᠎ᠠ  ᠵᠢᠨ 1 ᠤ ᠡᠳᠦᠷ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠡᠪᠯᠡᠯ ᠡᠬᠢᠯᠡᠬᠦ ᠠᠵᠢᠯ ᠳᠤ᠂ ᠢᠯᠠᠩᠭᠤᠶ᠎ᠠ ᠮᠣᠩᠭᠤᠯ ᠰᠣᠨᠢᠨ ᠢ ᠡᠷᠬᠢᠯᠡᠬᠦ ᠵᠣᠷᠢᠯᠲᠠ᠂ ᠨᠠᠢᠷᠠᠭᠤᠯᠬᠤ ᠴᠢᠭᠯᠡᠯ᠂ ᠦᠢᠯᠡᠴᠢᠯᠡᠬᠦ ᠡᠲᠡᠭᠡᠳ ᠢ ᠲᠣᠭᠲᠠᠭᠠᠬᠤ᠂ ᠰᠣᠨᠢᠨ ᠤ ᠬᠡᠪ ᠨᠠᠮᠪᠠ  ᠵᠢᠨ ᠪᠦᠷᠢᠯᠳᠦᠬᠦ ᠪᠠ ᠮᠣᠩᠭᠤᠯ ᠨᠡᠷ᠎ᠡ ᠲᠣᠮᠢᠶ᠎ᠠ ᠶᠢ ᠪᠣᠯᠪᠠᠰᠤᠷᠠᠭᠤᠯ ᠤᠨ ᠲᠣᠭᠲᠠᠭᠠᠵᠤ ᠨᠢᠭᠡᠳᠦᠯᠲᠡᠶ ᠬᠡᠷᠡᠭᠯᠡᠬᠦ ᠳᠦ ᠰᠠᠭᠤᠷᠢ ᠲᠠᠯᠪᠢᠵᠤ ᠥᠭᠪᠡ᠃ 1947 ᠣᠨ ᠤ 5 ᠰᠠᠷ᠎ᠠ ᠳᠤ ᠰᠣᠨᠢᠨ ᠤ ᠬᠣᠷᠢᠶ᠎ᠠ ᠠᠴᠠ ᠰᠠᠯᠵᠤ᠂ ᠤᠷᠢᠳ ᠬᠣᠵᠢᠳ ᠥᠪᠦᠷ ᠮᠣᠩᠭᠤᠯ ᠤ᠋ᠨ ᠡᠪ ᠬᠠᠮᠲᠤ ᠨᠠᠮ  ᠤᠨ ᠠᠵᠢᠯ  ᠤᠨ ᠬᠣᠷᠢᠶᠠᠨ ᠤ᠋ ᠵᠠᠯᠠᠭᠤ ᠴᠤ᠌ᠳ  ᠤᠨ ᠠᠵᠢᠯ  ᠤᠨ ᠺᠣᠮᠢᠰ  ᠤᠨ ᠳᠡᠳ᠋ ᠱᠦᠵᠢ᠂ ᠥᠪᠦᠷ ᠮᠣᠩᠭᠤᠯ ᠤ᠋ᠨ ᠴᠡᠷᠢᠭ ᠵᠠᠰᠠᠭ  ᠤᠨ ᠶᠡᠬᠡ ᠰᠤᠷᠭᠠᠭᠤᠯᠢ  ᠵᠢᠨ ᠨᠢᠭᠡᠳᠦᠭᠡᠷ ᠳᠡᠳ᠋ ᠬᠢᠴᠢᠶᠡᠯ ᠬᠥᠮᠦᠵᠢᠯ ᠦ᠋ᠨ ᠳᠠᠷᠤᠭ᠎ᠠ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠥᠪᠦᠷ ᠮᠣᠩᠭᠤᠯ ᠤ᠋ᠨ ᠨᠠᠮ  ᠤᠨ ᠰᠤᠷᠭᠠᠭᠤᠯᠢ  ᠵᠢᠨ ᠬᠢᠴᠢᠶᠡᠯ ᠬᠥᠮᠦᠵᠢᠯ ᠦ᠋ᠨ ᠳᠠᠷᠤᠭ᠎ᠠ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠲᠥᠪ ᠬᠣᠷᠢᠶᠠᠨ ᠤ᠋ ᠥᠪᠦᠷ ᠮᠣᠩᠭᠤᠯ ᠤ᠋ᠨ ᠬᠤᠪᠢᠶᠠᠷᠢ ᠲᠣᠪᠴᠢᠶ᠎ᠠ  ᠵᠢᠨ ᠤᠬᠠᠭᠤᠯᠬᠤ ᠬᠡᠯᠲᠡᠰ ᠦᠨ ᠨᠠᠷᠢᠨ ᠪᠢᠴᠢᠭ ᠦᠨ ᠳᠠᠷᠤᠭ᠎ᠠ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠵᠠᠰᠠᠭ  ᠤᠨ ᠣᠷᠳᠤᠨ ᠤ᠋ ᠰᠣᠶᠤᠯ ᠭᠡᠭᠡᠷᠡᠯ ᠰᠤᠷᠭᠠᠨ ᠬᠥᠮᠦᠵᠢᠯ ᠦ᠋ᠨ ᠬᠡᠯᠲᠡᠰ ᠦᠨ ᠳᠡᠳ᠋ ᠳᠠᠷᠤᠭ᠎ᠠ᠂ ᠵᠢᠷᠢᠮ ᠠᠢᠮᠠᠭ  ᠤᠨ ᠠᠢᠮᠠᠭ  ᠤᠨ ᠳᠠᠷᠤᠭ᠎ᠠ ᠪᠥᠭᠡᠳ ᠳᠤᠮᠳᠠᠳᠤ ᠤᠯᠤᠰ  ᠤᠨ ᠡᠪ ᠬᠠᠮᠲᠤ ᠨᠠᠮ  ᠤᠨ ᠵᠢᠷᠢᠮ ᠠᠢᠮᠠᠭ  ᠤᠨ ᠬᠣᠷᠢᠶᠠᠨ ᠤ᠋ ᠬᠣᠶᠠᠳᠤᠭᠠᠷ ᠱᠦᠵᠢ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠬᠣᠷᠢᠶᠠᠨ ᠤ᠋ ᠭᠡᠰᠢᠭᠦᠨ᠂ ᠤᠬᠠᠭᠤᠯᠬᠤ ᠬᠡᠯᠲᠡᠰ ᠦᠨ ᠳᠡᠳ᠋ ᠳᠠᠷᠤᠭ᠎ᠠ  ᠵᠢᠨ ᠲᠤᠰᠢᠶᠠᠯ ᠬᠠᠷᠢᠭᠤᠴᠠᠪᠠ᠃ 《ᠰᠣᠶᠤᠯ ᠤ᠋ᠨ ᠶᠡᠬᠡ ᠬᠤᠪᠢᠰᠭᠠᠯ》  ᠤᠨ ᠳᠠᠷᠠᠭ᠎ᠠ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠠᠷᠠᠳ  ᠤᠨ ᠵᠠᠰᠠᠭ  ᠤᠨ ᠣᠷᠳᠤᠨ ᠤ᠋ ᠰᠣᠶᠤᠯ ᠭᠡᠭᠡᠷᠡᠯ ᠰᠤᠷᠭᠠᠨ ᠬᠥᠮᠦᠵᠢᠯ ᠦ᠋ᠨ ᠠᠯᠪᠠᠨ ᠬᠡᠷ ᠦᠨ ᠳᠡᠳ᠋ ᠡᠷᠬᠢᠯᠡᠭᠴᠢ᠂ ᠡᠷᠬᠢᠯᠡᠭᠴᠢ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠬᠣᠷᠢᠶᠠᠨ ᠤ᠋ ᠤᠬᠠᠭᠤᠯᠬᠤ ᠬᠡᠯᠲᠡᠰ ᠦᠨ ᠳᠡᠳ᠋ ᠳᠠᠷᠤᠭ᠎ᠠ ᠵᠡᠷᠭᠡ ᠲᠤᠰᠢᠶᠠᠯ ᠬᠠᠷᠢᠭᠤᠴᠠᠪᠠ᠃ 1956 ᠣᠨ ᠳᠤ ᠳᠤᠮᠳᠠᠳᠤ ᠤᠯᠤᠰ  ᠤᠨ ᠡᠪ ᠬᠠᠮᠲᠤ ᠨᠠᠮ  ᠤᠨ ᠨᠠᠢ᠍ᠮᠠᠳᠤᠭᠠᠷ ᠤᠳᠠᠭ᠎ᠠ  ᠵᠢᠨ ᠪᠦᠬᠥ ᠤᠯᠤᠰ  ᠤᠨ ᠲᠥᠯᠦᠭᠡᠯᠡᠭᠴᠢᠳ ᠦ᠋ᠨ ᠶᠡᠬᠡ ᠬᠤᠷᠠᠯ  ᠤᠨ ᠲᠥᠯᠦᠭᠡᠯᠡᠭᠴᠢ ᠪᠡᠷ ᠰᠣᠩᠭᠤᠭᠳᠠᠵᠤ ᠶᠡᠬᠡ ᠬᠤᠷᠠᠯ ᠳᠤ ᠣᠷᠤᠯᠴᠠᠪᠠ᠃ 1983 ᠣᠨ ᠳᠤ ᠠᠵᠢᠯ ᠠᠴᠠ ᠪᠠᠨ ᠰᠠᠯᠵᠤ ᠠᠮᠠᠷᠠᠪᠠ᠃ ᠪᠢᠴᠢᠭᠰᠡᠨ ᠥᠭᠦᠯᠡᠯ ᠵᠣᠬᠢᠶᠠᠯ  ᠳ  ᠤᠨᠢ ᠪᠠᠰᠠ 《ᠥᠪᠦᠷ ᠮᠣᠩᠭᠤᠯ ᠤ᠋ᠨ ᠠᠷᠠᠳ  ᠤᠨ ᠬᠤᠪᠢᠰᠭᠠᠯ   ᠲᠦ᠍ ᠵᠠᠯᠠᠭᠤ ᠴᠤ᠌ᠳ  ᠤᠨ ᠡᠪᠯᠡᠯ ᠦᠨ ᠳᠠᠭᠤᠤ》᠂ 《ᠳᠣᠲᠤᠭᠠᠳᠤ ᠮᠣᠩᠭᠤᠯ ᠦᠨᠳᠦᠰᠦᠲᠡᠨ ᠦ ᠳᠠᠭᠤᠤ》 《ᠬᠣ ᠵᠣᠣ ᠾᠧᠩ ᠵᠣᠬᠢᠶᠠᠵᠤ᠂ ᠲᠡᠭᠦᠰ ᠴᠤ᠌ᠭ   ᠲᠦ᠍ 《ᠹᠤᠢᠯᠠᠳᠠᠩ》 ᠭᠡᠬᠦ ᠨᠡᠷ᠎ᠡ ᠪᠡᠷ ᠣᠷᠴᠢᠭᠤᠯᠪᠠ )᠂ 《ᠶᠡᠬᠡ ᠳᠡᠭᠡᠳᠦ ᠰᠤᠷᠭᠠᠭᠤᠯᠢ ᠳᠤᠮᠳᠠᠳᠤ ᠵᠡᠷᠭᠡ  ᠵᠢᠨ ᠲᠤᠰᠭᠠᠢ ᠮᠡᠷᠭᠡᠵᠢᠯ ᠦᠨ ᠰᠤᠷᠭᠠᠭᠤᠯᠢ  ᠵᠢᠨ ᠰᠤᠷᠤᠭᠴᠢ ᠡᠯᠰᠡᠬᠦ ᠠᠵᠢᠯ ᠳᠤ ᠦᠨᠳᠦᠰᠦᠲᠡᠨ ᠦ  ᠲᠤᠰᠭᠠᠢ ᠨᠠᠮ  ᠤᠨ ᠲᠦᠷᠥ  ᠵᠢᠨ ᠪᠣᠳᠤᠯᠭ᠎ᠠ ᠶ᠋ᠢ ᠰᠠᠢᠲᠦ᠍ᠷ ᠬᠡᠷᠡᠭᠵᠢᠭᠦᠯᠬᠦ ᠬᠡᠷᠡᠭᠲᠡᠶ》᠂ 《 ᠮᠢᠨᠤ ᠣᠢᠯᠠᠭᠠᠵᠤ ᠪᠠᠢᠭ᠎ᠠ 《5 1 ᠤ ᠶᠡᠬᠡ ᠬᠤᠷᠠᠯ》》᠂ 《ᠵᠡᠭᠦᠨ ᠮᠣᠩᠭᠤᠯ ᠤ᠋ᠨ ᠵᠠᠯᠠᠭᠤ ᠴᠤ᠌ᠳ  ᠤᠨ ᠬᠥᠳᠡᠯᠭᠡᠭᠡᠨ ᠦ᠌ ᠳᠤᠷᠠᠳᠭᠠᠯ》᠂ 《ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠠᠷᠪᠠᠨ ᠵᠢᠯ ᠦᠨ ᠣᠶ  ᠵᠢᠨ ᠡᠮᠦᠨ᠎ᠡ ᠬᠣᠢᠨᠠᠬᠢ ᠪᠠᠶᠠᠷ ᠪᠠ ᠭᠣᠮᠤᠳᠠᠯ》᠂ 《ᠤᠤᠯᠭᠠᠯᠠᠭᠳᠠᠭᠰᠠᠨ ᠤ ᠳᠠᠷᠠᠭᠠᠺᠢ ᠪᠣᠳᠤᠯᠬᠢᠯᠠᠯ》 ᠵᠡᠷᠭᠡ ᠪᠣᠶ᠃