ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠦᠷᠦᠩᠵᠡᠪ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠦᠷᠦᠩᠵᠡᠪ᠂ ( 1929~ ) ᠡᠭᠦᠰᠭᠡᠨ ᠡᠷᠬᠢᠯᠡᠭᠰᠡᠨ ᠨᠠᠢᠷᠠᠭᠤᠯᠤᠭᠴᠢ᠂ ᠫᠷᠣᠹᠧᠰᠰᠣᠷ᠃ ᠤᠤᠯ  ᠤᠨ ᠴᠠᠬᠠᠷ ᠴᠢᠭᠤᠯᠭᠠᠨ ᠤ ᠰ᠌ᠠᠩ   ᠲᠦ᠍ ᠠᠳᠤ ᠭᠤᠴᠢᠨ ᠬᠣᠰᠢᠭᠤᠨ ᠳᠤ ᠲᠥᠷᠦᠵᠡᠢ᠃ 1943—— 1949 ᠣᠨ ᠬᠦᠷᠲᠡᠯ᠎ᠡ ᠲᠤᠰ ᠬᠣᠰᠢᠭᠤᠨ ᠤ ᠪᠣᠷᠤ ᠴᠢᠭᠴᠢ ᠰᠦᠮ᠎ᠡ  ᠵᠢᠨ ᠠᠯᠳᠠᠷ   ᠲᠦ᠍ ᠡᠮᠴᠢ ᡀᠠᠮᠵᠠᠪ ᠪᠣᠯ ᠤᠨ ᠪᠠᠸ᠎ᠠ ( ᠭᠣᠩᠴᠣᠭᠷᠠᠰᠢ ) ᠡᠮᠴᠢ  ᠵᠢᠨ ᠰ᠌ᠠᠪᠢ ᠪᠣᠯᠵᠤ᠂ ᠮᠣᠩᠭᠤᠯ ᠡᠮᠨᠡᠯᠭᠡ ᠶᠢ ᠰᠢᠰᠲ᠋ᠧᠮ ᠲᠡᠢ ᠰᠤᠷᠤᠯᠴᠠᠵᠤ ᠲᠡᠭᠦᠰᠦᠭᠡᠳ᠂ 1949 —— 1952 ᠣᠨ ᠬᠦᠷᠲᠡᠯ᠎ᠡ ᠲᠤᠰ ᠬᠣᠰᠢᠭᠤᠨ ᠤ ᠲᠠᠪᠤᠳᠤᠭᠠᠷ ᠰᠣᠮ ᠤ᠋ᠨ ᠳ᠋ᠤ᠌ ᠡᠮᠴᠢᠯᠡᠪᠡ᠃ 1952~ 1957ᠣᠨ ᠤ ᠬᠣᠭᠤᠷᠤᠨᠳᠤ ᠴᠠᠬᠠᠷ ᠠᠢᠮᠠᠭ  ᠤᠨ ᠮᠢᠩᠭᠠᠨ ᠲᠠᠢᠫᠦᠰᠧ ᠬᠣᠰᠢᠭᠤᠨ ᠤ ᠡᠮᠨᠡᠯᠭᠡ  ᠵᠢᠨ ᠬᠣᠷᠢᠶᠠᠨ ᠳ᠋ᠤ᠌ ᠡᠮᠴᠢᠯᠡᠭᠡᠨ ᠦ ᠠᠵᠢᠯ ᠬᠢᠵᠦ᠂ D57~ 1984 ᠣᠨ ᠬᠦᠷᠲᠡᠯ᠎ᠡ ᠥᠪᠦᠷ ᠮᠣᠩᠭᠤᠯ ᠤ᠋ᠨ ᠡᠮᠨᠡᠯᠭᠡ  ᠵᠢᠨ ᠳᠡᠭᠡᠳᠦ ᠰᠤᠷᠭᠠᠭᠤᠯᠢ  ᠵᠢᠨ ᠬᠢᠲᠠᠳ ᠮᠣᠩᠭᠤᠯ ᠡᠮᠨᠡᠯᠭᠡ  ᠵᠢᠨ ᠰᠠᠯᠪᠤᠷᠢ ᠳᠤ ᠪᠠᠭᠰᠢᠯᠠᠵᠤ᠂ ᠵᠢᠭᠠᠨ ᠰᠤᠷᠭᠠᠬᠤ ᠲᠠᠰᠤᠭ  ᠤᠨ ᠡᠷᠬᠢᠯᠡᠭᠴᠢ ᠪᠠᠢᠪᠠ᠃ ᠡᠨᠡ ᠬᠤᠭᠤᠴᠠᠭᠠᠨ᠎ᠠ ᠮᠣᠩᠭᠤᠯ ᠡᠮᠨᠡᠯᠭᠡ  ᠵᠢᠨ ᠠᠩᠭᠢ ᠳᠤ ᠬᠡᠷᠡᠭᠯᠡᠬᠦ ᠠᠩᠬᠠᠳᠠᠭᠴᠢ ᠵᠢᠭᠠᠬᠤ ᠪᠢᠴᠢᠭ ᠦᠳ ᠦᠨ ᠳᠣᠲᠤᠷᠠᠬᠢ 《ᠣᠨᠤᠰᠢᠯᠠᠬᠤ ᠤᠬᠠᠭᠠᠨ》 ᠵᠡᠷᠭᠡ ᠶᠢ ᠨᠠᠢᠷᠠᠭᠤᠯ ᠤᠨ ᠪᠢᠴᠢᠵᠦ ᠬᠡᠪᠯᠡᠭᠦᠯᠪᠡ᠃ 1984 ~ 1993 ᠣᠨ ᠬᠦᠷᠲᠡᠯ᠎ᠡ ᠤᠤᠯ  ᠤᠨ ᠥᠪᠦᠷ ᠮᠣᠩᠭᠤᠯ ᠤ᠋ᠨ ᠦᠨᠳᠦᠰᠦᠲᠡᠨ ᠦ ᠡᠮᠨᠡᠯᠭᠡ  ᠵᠢᠨ ᠳᠡᠭᠡᠳᠦ ᠰᠤᠷᠭᠠᠭᠤᠯᠢ  ᠵᠢᠨ ᠳᠡᠳ᠋ ᠵᠠᠬᠢᠷᠤᠯ ᠵᠡᠷᠭᠡ    ᠲᠤᠰᠢᠶᠠᠯ ᠢ ᠬᠠᠷᠢᠭᠤᠴᠠᠨ᠂ ᠥᠪᠦᠷ ᠮᠣᠩᠭᠤᠯ ᠤ᠋ᠨ ᠮᠣᠩᠭᠤᠯ ᠡᠮᠨᠡᠯᠭᠡ  ᠵᠢᠨ ᠳᠡᠭᠡᠳᠦ ᠰᠤᠷᠭᠠᠭᠤᠯᠢ ᠪᠠᠢᠭᠤᠯᠤᠭᠳᠠᠬᠤ ᠳᠤ ᠰᠤᠷᠭᠠᠭᠤᠯᠢ  ᠵᠢᠨ ᠵᠠᠬᠢᠷᠤᠯ  ᠤᠨ    ᠲᠤᠰᠢᠶᠠᠯ ᠢ ᠡᠭᠦᠷᠭᠡᠯᠡᠪᠡ᠃ 1989 ᠣᠨ ᠳᠤ 《ᠥᠪᠦᠷ ᠮᠣᠩᠭᠤᠯ ᠤ᠋ᠨ ᠮᠣᠩᠭᠤᠯ ᠡᠮᠨᠡᠯᠭᠡ  ᠵᠢᠨ ᠳᠡᠭᠡᠳᠦ ᠰᠤᠷᠭᠠᠭᠤᠯᠢ  ᠵᠢᠨ ᠡᠷᠳᠡᠮ ᠰᠢᠨᠵᠢᠯᠡᠭᠡᠨ ᠦ ᠰᠡᠳᠭᠦᠯ》 ᠬᠡᠪᠯᠡᠯ ᠡᠬᠢᠯᠡᠬᠦ ᠳᠦ ᠨᠠᠢᠷᠠᠭᠤᠯᠬᠤ ᠵᠥᠪᠯᠡᠯ ᠦ᠋ᠨ ᠡᠷᠬᠢᠯᠡᠭᠴᠢ ᠭᠡᠰᠢᠭᠦᠨ ᠪᠥᠭᠡᠳ ᠮᠣᠩᠭᠤᠯ ᠬᠡᠪᠯᠡᠯ ᠦᠨ ᠤᠤᠭᠠᠨ ᠶᠡᠷᠦᠩᠬᠡᠶ ᠨᠠᠢᠷᠠᠭᠤᠯᠤᠭᠴᠢ  ᠵᠢᠨ ᠠᠵᠢᠯ ᠢ ᠬᠠᠪᠰᠤᠷᠭᠠᠨ ᠭᠡᠵᠡᠢ᠃ ᠲᠡᠷᠡ ᠪᠡᠷ ᠮᠣᠩᠭᠤᠯ ᠬᠡᠪᠯᠡᠯ ᠦᠨ ᠰᠡᠳᠭᠦᠯ ᠡᠷᠬᠢᠯᠡᠬᠦ ᠵᠣᠷᠢᠯᠲᠠ ᠴᠢᠭᠯᠡᠯᠲᠡ ᠶᠢ ᠲᠣᠭᠲᠠᠭᠠᠵᠤ᠂ ᠰᠡᠳᠭᠦᠯ ᠦ᠋ᠨ ᠴᠢᠨᠠᠷ ᠴᠢᠨᠰᠠᠭ᠎ᠠ ᠶᠢ ᠪᠠ   ᠲᠦ᠍ᠯᠠᠬᠤ ᠶᠢ ᠠᠩᠬᠠᠷ ᠤᠨ᠂ ᠪᠡᠶ᠎ᠡ ᠪᠡᠷ ᠢᠶᠡᠨ ᠲᠡᠷᠢᠭᠦᠯᠡᠨ ᠥᠭᠦᠯᠡᠯ ᠪᠠᠴᠢᠵᠤ ᠨᠠᠢᠳᠠᠯᠠᠵᠤ᠂ ᠠᠳᠭᠦᠯ ᠦᠨ ᠡᠰᠡᠨᠢᠯ ᠬᠥᠭᠵᠢᠯ ᠳ᠋ᠦ᠍ ᠪᠠ   ᠲᠦ᠍ ᠰᠠᠭᠤᠷᠢ ᠲᠠᠯᠪᠢᠪᠠ᠃ ᠲᠡᠷᠡᠴᠢᠯᠡᠨ ᠡᠮ ᠡᠮᠨᠡᠯᠭᠡ  ᠵᠢᠨ ᠳᠡᠭᠡᠳᠦ ᠰᠤᠷᠭᠠᠭᠤᠯᠢ  ᠵᠢᠨ ᠨᠢᠭᠡᠳᠦᠯᠲᠡᠶ ᠬᠡᠷᠡᠭᠯᠡᠬᠦ 25 ᠳᠡᠪᠲᠡᠷ ᠵᠢᠭᠠᠬᠤ ᠪᠢᠴᠢᠭ ᠦᠨ ᠶᠡᠷᠦᠩᠬᠡᠶ ᠨᠠᠢᠷᠠᠭᠤᠯᠤᠭᠴᠢ ᠪᠣᠯᠵᠤ᠂ 《ᠳᠣᠲᠤᠷ ᠡᠪᠡᠳᠴᠢᠨ ᠦ ᠰᠤᠳᠤᠯᠤᠯ》᠂ 《ᠡᠪᠡᠳᠴᠢᠨ ᠢ ᠠᠨᠠᠭᠠᠬᠤ ᠠᠷᠭ᠎ᠠ ᠪᠠ ᠠᠨᠠᠭᠠᠬᠤ ᠵᠠᠷᠴᠢᠮ》 ᠵᠡᠷᠭᠡ ᠶᠢ ᠡᠷᠬᠢᠯᠡᠨ ᠨᠠᠢᠷᠠᠭᠤᠯᠵᠤ ᠬᠡᠪᠯᠡᠭᠦᠯᠦᠭᠰᠡᠨ ᠪᠠ 《ᠳᠤᠮᠳᠠᠳᠤ ᠤᠯᠤᠰ  ᠤᠨ ᠠᠨᠠᠭᠠᠬᠤ ᠤᠬᠠᠭᠠᠨ ᠤ ᠨᠡᠪᠲᠡᠷᠬᠡᠶ ᠲᠣᠯᠢ ᠮᠣᠩᠭᠤᠯ ᠠᠨᠠᠭᠠᠬᠤ ᠤᠬᠠᠭᠠᠨ》 ᠤ ᠳᠡᠳ᠋ ᠡᠷᠬᠢᠯᠡᠨ ᠨᠠᠢᠷᠠᠭᠤᠯᠤᠭᠴᠢ ᠪᠠᠷ ᠠᠵᠢᠯᠯᠠᠵᠤ᠂ ᠲᠡᠭᠦᠨ ᠦ ᠳᠣᠲᠤᠷᠠᠬᠢ 93 ᠵᠤᠷᠪᠤᠰ ᠢ    ᠲᠤᠭᠤᠷᠪᠢᠨ ᠪᠢᠴᠢᠪᠡ᠃ 1993 ᠣᠨ ᠳᠤ ᠪᠦᠬᠥ ᠤᠯᠤᠰ  ᠤᠨ ᠠᠩᠬ᠎ᠠ ᠤᠳᠠᠭᠠᠨ ᠤ ᠲᠠᠪ ᠤᠨ ᠵᠠᠭ ᠤᠨ ᠠᠬᠠᠮᠠᠳ ᠬᠢᠲᠠᠳ ᠡᠮᠴᠢ  ᠵᠢᠨ ᠨᠢᠭᠡ ᠭᠡᠰᠢᠭᠦᠨ ᠦ ᠬᠤᠪᠢ ᠪᠠᠷ᠂ ᠡᠷᠳᠡᠮ ᠰᠢᠨᠵᠢᠯᠡᠭᠡᠨ ᠦ ᠦᠵᠡᠯ ᠰᠠᠨᠠᠭ᠎ᠠ ᠪᠣᠯ ᠤᠨ   ᠲᠦ᠍ᠷᠰᠢᠯᠭ᠎ᠠ ᠤᠯᠠᠮᠵᠢᠯᠠᠬᠤ ᠡᠭᠦᠷᠭᠡ ᠶᠢ ᠭᠦᠯᠢᠶᠡᠨ ᠠᠪ ᠴᠤ᠌᠂ ᠵᠢᠯᠤᠭᠤᠳᠤᠭᠴᠢ ᠪᠠᠭᠰᠢ ᠪᠣᠯᠵᠤ ᠰ᠌ᠠᠪᠢ ᠬᠥᠮᠦᠵᠢᠭᠦᠯᠵᠦ ᠪᠠᠢᠭᠰᠠᠨ ᠢᠶᠠᠨ 1996 ᠣᠨ ᠳᠤ ᠠᠮᠠᠷᠠᠯᠲᠠ ᠳᠠᠭᠠᠨ ᠭᠠᠷᠴᠠᠢ᠃ ᠤᠷᠢᠳ ᠬᠣᠵᠢᠳ 《ᠮᠣᠩᠭᠤᠯ ᠠᠨᠠᠭᠠᠬᠤ ᠤᠬᠠᠭᠠᠨ ᠤ ᠪᠦᠬᠦᠯᠢ ᠴᠣᠭᠴᠠ   ᠲᠦ᠍ ᠦᠵᠡᠯᠲᠡ  ᠵᠢᠨ  ᠲᠤᠰᠭᠠᠢ ᠥᠭᠦᠯᠡᠬᠦ ᠨᠢ》 ᠵᠡᠷᠭᠡ 20 ᠰᠢᠬᠠᠮ ᠥᠭᠦᠯᠡᠯ ᠢ᠋ᠶ᠋ᠡᠨ ᠮᠤᠵᠢ ᠣᠷᠤᠨ ᠤ᠋ ᠲᠠᠰ  ᠤᠨ ᠡᠷᠳᠡᠮ ᠰᠢᠨᠵᠢᠯᠡᠭᠡᠨ ᠦ ᠰᠡᠳᠭᠦᠯ ᠳ᠋ᠦ᠍ ᠨᠡᠢᠲᠡᠯᠡᠭᠦᠯᠪᠡ᠃ 1999 ᠣᠨ ᠳᠤ 《ᠮᠣᠩᠭᠤᠯ ᠠᠨᠠᠭᠠᠬᠤ ᠤᠬᠠᠭᠠᠨ ᠤ ᠡᠮᠴᠢᠯᠡᠭᠡᠨ ᠦ ᠰᠤᠳᠤᠯᠤᠯ》 ᠭᠡᠬᠦ ᠲᠣᠮᠤᠬᠠᠨ ᠪᠦᠲᠦᠭᠡᠯ ᠢᠶᠡᠨ ᠬᠡᠪᠯᠡᠭᠦᠯᠵᠡᠢ᠃ 《? . ᠬᠦᠭᠵᠢᠯᠲᠦ )