ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠦᠷᠦᠩᠪᠠᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠦᠷᠦᠩᠪᠠᠲᠤ ( 1944~ ) ᠨᠠᠢᠷᠠᠭᠤᠯᠤᠭᠴᠢ᠂ ᠵᠣᠬᠢᠶᠠᠯᠴᠢ᠃ ᠥᠪᠦᠷ ᠮᠣᠩᠭᠤᠯ ᠤ᠋ᠨ ᠬᠥᠯᠦᠨ ᠪᠤᠢᠷ ᠠᠢᠮᠠᠭ  ᠤᠨ ᠬᠠᠢᠯᠠᠷ ᠬᠣᠲᠠᠨ ᠳᠤ ᠲᠥᠷᠦᠵᠡᠢ᠃ 1962 ᠣᠨ ᠳᠤ ᠥᠪᠦᠷ ᠮᠣᠩᠭᠤᠯ ᠤ᠋ᠨ ᠶᠡᠬᠡ ᠰᠤᠷᠭᠠᠭᠤᠯᠢ ᠳᠤ ᠣᠷᠤᠭᠠᠳ 1967 ᠣᠨ ᠳᠤ ᠲᠡᠭᠦᠰᠴᠡᠢ᠃ 1981 ᠣᠨ ᠳᠤ ᠳᠠᠬᠵᠢᠨ ᠥᠪᠦᠷ ᠮᠣᠩᠭᠤᠯ ᠤ᠋ᠨ ᠶᠡᠬᠡ ᠰᠤᠷᠭᠠᠭᠤᠯᠢ  ᠵᠢᠨ ᠤᠷᠠᠨ ᠵᠣᠬᠢᠶᠠᠯ ᠰᠤᠳᠤᠯᠬᠤ ᠠᠩᠭᠢ ᠳᠤ ᠰᠤᠷᠤᠯᠴᠠᠪᠠ᠃ ᠪᠠᠭ᠎ᠠ ᠠᠴᠠ ᠪᠠᠨ ᠬᠡᠯᠡ ᠤᠷᠠᠨ ᠵᠣᠬᠢᠶᠠᠯ ᠢ ᠪᠠᠬᠠᠷᠬᠠᠵᠤ ᠪᠠᠭ᠎ᠠ ᠳᠤᠮᠳᠠ᠂ᠶᠡᠬᠡ ᠰᠤᠷᠭᠠᠭᠤᠯᠢ ᠳᠤ ᠪᠠᠢᠬᠤ ᠳᠠᠭᠠᠨ ᠳᠠᠩᠳᠠ ᠬᠠᠨ᠎ᠠ  ᠵᠢᠨ ᠰᠣᠨᠢᠨ᠂ᠰᠠᠮᠪᠠᠷ᠎ᠠ  ᠵᠢᠨ ᠰᠣᠨᠢᠨ ᠤ ᠨᠠᠢᠷᠠᠭᠤᠯᠤᠭᠴᠢ᠂ ᠤᠷᠠᠯᠠᠭᠴᠢ ᠪᠠᠷ ᠠᠵᠢᠯᠯᠠᠳᠠᠭ ᠪᠠᠢᠪᠠ᠃ 《ᠰᠣᠶᠤᠯ ᠤ᠋ᠨ ᠶᠡᠬᠡ ᠬᠤᠪᠢᠰᠠᠨᠯ》  ᠤᠨ ᠡᠬᠢᠨ ᠳ᠋ᠦ᠍ ᠬᠡᠳᠦᠨ ᠨᠠᠢᠵᠠ ᠲᠠᠢ ᠪᠠᠨ 《ᠠᠯᠤᠬ᠎ᠠ ᠬᠠᠳᠤᠭᠤᠷ》 ᠭᠡᠳᠡᠭ ᠮᠣᠩᠭᠤᠯ ᠰᠡᠳᠭᠦᠯ ᠢ᠋ ᠡᠭᠦᠳᠦᠨ ᠡᠷᠬᠢᠯᠡᠵᠦ ᠶᠠᠪᠤᠭᠰᠠᠨ᠃ ᠳᠠᠷᠠᠭ᠎ᠠ ᠨᠢ ᠪᠠᠶᠠᠨᠨᠠᠭᠤᠷ ᠠᠢᠮᠠᠭ  ᠤᠨ ᠦᠶᠥᠸᠡᠨ ᠰᠢᠶᠠᠨ ᠤ ᠰ᠌ᠧᠩ ᠹᠧᠩ ᠭᠦᠩᠰ᠌ᠧ  ᠵᠢᠨ ᠬᠤᠪᠢᠰᠭᠠᠯ ᠤ᠋ᠨ ᠸᠧᠶᠢᠶᠤᠸᠠᠨᠾᠤᠶ  ᠵᠢᠨ ᠰᠤᠷᠲᠠᠯ ᠤᠬᠠᠭᠤᠯᠤᠭᠴᠢ ᠪᠣᠯᠪᠠ᠃ ᠡᠨᠡ ᠬᠤᠭᠤᠴᠠᠭᠠᠨ ᠳᠤ ᠲᠡᠷᠡ ᠠᠵᠢᠯ  ᠤᠨ ᠴᠢᠯᠥᠭᠡ ᠪᠡᠷ ᠢᠶᠡᠨ ᠬᠡᠷᠡᠯ ᠵᠢᠷᠤᠭ ᠲᠠᠲᠠᠬᠤ᠂ ᠤᠯᠠᠭᠠᠨᠮᠣᠶᠴᠢᠷ  ᠤᠨ ᠲᠣᠭᠯᠠᠯᠲᠠ  ᠵᠢᠨ ᠵᠣᠬᠢᠶᠠᠯ ᠪᠢᠴᠢᠬᠦ ᠵᠡᠷᠭᠡ ᠠᠵᠢᠯ ᠳᠤ ᠢᠳᠡᠪᠬᠢᠲᠡᠶ ᠣᠷᠤᠯᠴᠠᠳᠠᠭ ᠪᠠᠢᠪᠠ᠃ 1972 ᠣᠨ ᠳᠤ ᠪᠠᠶᠠᠨᠨᠠᠭᠤᠷ ᠠᠢᠮᠠᠭ  ᠤᠨ ᠬᠤᠪᠢᠰᠭᠠᠯ ᠤ᠋ᠨ ᠸᠧᠶᠢᠶᠤᠸᠠᠨᠾᠤᠶ  ᠵᠢᠨ ᠰᠣᠶᠤᠯ ᠰᠤᠷᠭᠠᠨ ᠬᠥᠮᠦᠵᠢᠯ ᠦ᠋ᠨ ᠲᠣᠪᠴᠢᠶᠠᠨ ᠤ ᠵᠣᠬᠢᠶᠠᠨ ᠪᠦᠲᠦᠭᠡᠬᠦ  ᠳ᠋ᠡᠬᠢ ᠵᠢᠭᠡᠯᠡᠭᠳᠡᠨ ᠢᠷᠠᠵᠤ 《ᠲᠠᠯ᠎ᠠ ᠨᠤᠲᠤᠭ  ᠤᠨ ᠰᠢᠨ᠎ᠡ ᠳᠠᠭᠤᠯᠠᠯ》 ᠰᠡᠳᠭᠦᠯ ᠢ᠋ ᠡᠷᠬᠢᠯᠡᠵᠦ ᠠᠵᠢᠯᠯᠠᠯ᠎ᠠ᠃ ᠲᠡᠭᠦᠨ ᠡᠴᠡ ᠬᠣᠢᠰᠢ ᠬᠣᠷᠵᠢᠨ ᠵᠢᠯ ᠦᠨ ᠬᠤᠭᠤᠴᠠᠭᠠᠨ ᠳᠤ ᠰᠡᠳᠭᠦᠯ ᠦ᠋ᠨ ᠨᠠᠢᠷᠠᠭᠤᠯᠤᠭᠴᠢ  ᠵᠢᠨ ᠠᠵᠢᠯ ᠠᠴᠠ ᠪᠠᠨ ᠰᠠᠯᠤᠭᠰᠠᠨ ᠦᠬᠡᠶ᠂ 《ᠪᠠᠶᠠᠨᠨᠠᠭᠤᠷ  ᠤᠨ ᠤᠷᠠᠨ ᠵᠣᠬᠢᠶᠠᠯ》᠂ 《ᠰᠠᠷᠠᠨ᠎ᠠ》᠂ 《ᠵᠠᠯᠠᠭᠤ ᠵᠣᠬᠢᠶᠠᠯᠴᠢ》 ᠰᠡᠳᠭᠦᠯ ᠳ᠋ᠦ᠍ ᠠᠵᠢᠯᠯᠠᠭᠰᠠᠭᠠᠷ ᠢᠷᠡᠪᠡ᠃ ᠲᠡᠭᠡᠬᠦ ᠳᠦ ᠠᠵᠢᠯ  ᠤᠨ ᠱᠠᠭᠠᠷᠳᠠᠯᠭ᠎ᠠ ᠠᠴᠠ ᠪᠣᠯᠵᠤ ᠪᠠᠰᠠ ᠬᠡᠳᠦᠨ ᠵᠢᠯ ᠰᠡᠳᠭᠦᠯ ᠦ᠋ᠨ ᠨᠢᠭᠤᠷ ᠪᠠ ᠳᠣᠲᠤᠷᠠᠬᠢ ᠵᠢᠷᠤᠭ ᠢ ᠲᠥᠰᠦᠪᠯᠡᠨ ᠵᠢᠷᠤᠬᠤ᠂ ᠵᠡᠭᠦᠯᠲᠡ ᠴᠢᠮᠡᠭ ᠤᠷᠠᠯᠠᠬᠤ ᠠᠵᠢᠯ ᠢ  ᠴᠤ᠌ ᠬᠠᠪᠰᠤᠷᠭᠠᠨ ᠬᠢᠵᠦ᠂ 1990 ᠣᠨ ᠳᠤ ᠳᠤᠮᠳᠠᠳᠤ ᠤᠯᠤᠰ  ᠤᠨ ᠮᠣᠩᠭᠤᠯ ᠰᠡᠳᠭᠦᠯ ᠦ᠋ᠨ ᠰᠢᠯᠢᠳᠡᠭ ᠨᠠᠢᠷᠠᠭᠤᠯᠤᠭᠴᠢ ᠪᠠᠷ ᠬᠥᠬᠢᠭᠦᠯᠦᠭᠳᠡᠪᠡ᠃ 《ᠪᠠᠶᠠᠨᠨᠠᠭᠤᠷ  ᠤᠨ ᠰᠢᠯᠢᠳᠡᠭ ᠵᠣᠬᠢᠶᠠᠯ ᠤᠳ》 ᠭᠡᠬᠦ ᠮᠡᠲᠦ  ᠵᠢᠨ ᠬᠡᠳᠦᠨ ᠨᠣᠮ  ᠤᠨ ᠨᠠᠢᠷᠠᠭᠤᠯᠬᠤ ᠠᠵᠢᠯ ᠢ  ᠴᠤ᠌ ᠬᠢᠪᠡ᠃ 《ᠤᠷᠠᠨ ᠵᠣᠬᠢᠶᠠᠯ  ᠤᠨ ᠰᠡᠳᠭᠦᠯ ᠢ᠋ ᠨᠠᠢᠷᠠᠭᠤᠯᠬᠤ  ᠲᠤᠰᠭᠠᠢ ᠥ ᠴᠤ᠌ᠬᠡᠨ ᠣᠢᠯᠠᠭᠠᠯᠲᠠ》᠂ 《ᠨᠠᠢᠷᠠᠭᠤᠯᠬᠤ ᠠᠵᠢᠯ  ᠤᠨ ᠨᠢᠭᠡᠴᠢᠲᠦ ᠴᠢᠨᠠᠷ ᠪᠠ ᠣᠢᠯᠠᠭᠠᠭᠳᠠᠬ ᠤᠨ ᠤ ᠰᠢᠨᠡᠴᠢᠯᠡᠨᠯ》᠂ 《ᠨᠠᠢᠷᠠᠭᠤᠯᠬᠤ ᠠᠵᠢᠯ  ᠤᠨ ᠨᠡᠢᠭᠡᠮᠴᠢ ᠴᠢᠨᠠᠷ ᠪᠠ ᠣᠢᠯᠠᠭᠠᠭᠳᠠᠬ ᠤᠨ ᠤ ᠰᠢᠨᠡᠴᠢᠯᠡᠨᠯ》 ᠭᠡᠬᠦ ᠮᠡᠲᠦ ᠡᠷᠳᠡᠮ ᠰᠢᠨᠵᠢᠯᠡᠭᠡᠨ ᠦ    ᠲᠤᠰᠭᠠᠢ ᠥᠭᠦᠯᠡᠯ    ᠲᠤᠭᠤᠷᠪᠢᠵᠤ 《ᠨᠡᠢᠭᠡᠮ ᠦᠨ ᠰᠢᠨᠵᠢᠯᠡᠬᠦ ᠤᠬᠠᠭᠠᠨ》᠂ 《ᠥᠪᠦᠷ ᠮᠣᠩᠭᠤᠯ ᠤ᠋ᠨ ᠪᠠᠭᠰᠢ  ᠵᠢᠨ ᠶᠡᠬᠡ ᠰᠤᠷᠭᠠᠭᠤᠯᠢ  ᠵᠢᠨ ᠡᠷᠳᠡᠮ ᠰᠢᠨᠵᠢᠯᠡᠭᠡᠨ ᠦ ᠰᠡᠳᠭᠦᠯ》 ᠦᠳ ᠲᠦ ᠨᠠᠢᠳᠠᠯᠠᠪᠠ᠃ 1990 ᠣᠨ ᠳᠤ ᠳᠡᠳ᠋ ᠬᠢᠨᠠᠨ ᠨᠠᠢᠷᠠᠭᠤᠯᠤᠭᠴᠢ  ᠵᠢᠨ ᠴᠣᠯᠠ ᠬᠦᠷᠲᠡᠪᠡ᠃ ᠲᠡᠭᠦᠨ ᠡᠴᠡ ᠬᠣᠢᠰᠢ ᠰᠦᠷᠦᠩᠪᠠᠲᠤ 《ᠥᠪᠦᠷ ᠮᠣᠩᠭᠤᠯ ᠤ᠋ᠨ ᠬᠥᠷᠦᠩᠭᠡ ᠣᠷᠤᠭᠤᠯᠤᠯᠲᠠ   ᠵᠢᠨ ᠰᠣᠨᠢᠨ》᠂ 《ᠥᠪᠦᠷ ᠮᠣᠩᠭᠤᠯ ᠤ᠋ᠨ ᠴᠠᠭ ᠰᠣᠨᠢᠨ》 ᠭᠡᠬᠦ ᠮᠡᠲᠦ ᠬᠢᠲᠠᠳ ᠰᠣᠨᠢᠨ ᠰᠡᠳᠭᠦᠯ ᠦ᠋ᠳ ᠲᠦ᠍ ᠤᠷᠢᠭᠳᠠᠨ ᠶᠡᠷᠦᠩᠬᠡᠶ ᠨᠠᠢᠷᠠᠭᠤᠯᠤᠭᠴᠢ᠂ ᠨᠠᠢᠷᠠᠭᠤᠯᠬᠤ ᠬᠡᠯᠲᠡᠰ ᠦᠨ ᠳᠠᠷᠤᠭ᠎ᠠ ᠮᠡᠲᠦ  ᠵᠢᠨ    ᠲᠤᠰᠢᠶᠠᠯ ᠢ ᠬᠠᠷᠢᠭᠤᠴᠠᠵᠤ ᠶᠠᠪᠤᠯ᠎ᠠ᠃ ᠲᠡᠷᠡ ᠡᠨᠡ ᠬᠤᠭᠤᠴᠠᠭᠠᠨ ᠳᠤ 《96 ᠣᠨ ᠤ ᠴᠢᠩᠭ᠎ᠠ ᠴᠣᠬᠢᠯᠲᠠ》 ᠭᠡᠳᠡᠭ ᠪᠠᠷᠢᠮᠲᠠ   ᠲᠦ᠍ ᠵᠣᠬᠢᠶᠠᠯ  ᠤᠨ ᠲᠣᠮᠤᠬᠠᠨ ᠨᠣᠮ ᠢ ᠭᠣᠣᠯᠯᠠᠨ ᠨᠠᠢᠷᠠᠭᠤᠯᠪᠠ᠃ 《ᠰᠢᠶᠣᠣ ᠫᠢᠩ ᠲᠠ ᠰᠠᠵᠢᠨ ᠤᠤ》 ᠭᠡᠳᠡᠭ ᠮᠡᠳᠡᠭᠡᠯᠡᠯ ᠦᠨ ᠤᠷᠠᠨ ᠵᠣᠬᠢᠶᠠᠯ  ᠤᠨ ᠲᠡᠭᠦᠪᠦᠷᠢ  ᠵᠢᠨ ᠨᠠᠢᠷᠠᠭᠤᠯᠬᠤ ᠠᠵᠢᠯ ᠳᠤ ᠣᠷᠤᠯᠴᠠᠪᠠ᠃ ᠣᠲᠣ ᠳᠤᠮᠳᠠᠳᠤ ᠤᠯᠤᠰ  ᠤᠨ ᠴᠥᠭᠡᠨ ᠲᠣᠭᠠᠨ   ᠲᠦ᠍ ᠦᠨᠳᠦᠰᠦᠲᠡᠨ ᠦ ᠵᠣᠬᠢᠶᠠᠯᠴᠢᠳ  ᠤᠨ ᠡᠪᠯᠡᠯ᠂ ᠳᠤᠮᠳᠠᠳᠤ ᠤᠯᠤᠰ  ᠤᠨ ᠮᠣᠩᠭᠤᠯ ᠬᠡᠯᠡ ᠰᠤᠳᠤᠯᠤᠯ  ᠤᠨ ᠨᠡᠢᠭᠡᠮᠯᠢᠭ ᠦᠨ ᠭᠡᠰᠢᠭᠦᠨ᠂ ᠥᠪᠦᠷ ᠮᠣᠩᠭᠤᠯ ᠤ᠋ᠨ ᠵᠣᠬᠢᠶᠠᠯᠴᠢᠳ  ᠤᠨ ᠡᠪᠯᠡᠯ ᠦᠨ ᠭᠡᠰᠢᠭᠦᠨ᠂ ᠥᠪᠦᠷ ᠮᠣᠩᠭᠤᠯ ᠤ᠋ᠨ ᠲᠧᠯᠸᠢᠰ ᠤᠷᠠᠯᠢᠭᠴᠢᠳ  ᠤᠨ ᠡᠪᠯᠡᠯ ᠦᠨ ᠭᠡᠰᠢᠭᠦᠨ᠂ ᠥᠪᠦᠷ ᠮᠣᠩᠭᠤᠯ ᠤ᠋ᠨ 《ᠴᠠᠭᠠᠨ ᠬᠡᠷᠡᠮ》 ᠰᠤᠳᠤᠯᠤᠯ  ᠤᠨ ᠨᠡᠢᠭᠡᠮᠯᠢᠭ ᠦᠨ ᠪᠠᠢᠩᠭᠤ  ᠵᠢᠨ ᠬᠡᠷᠡᠭ ᠡᠷᠬᠢᠯᠡᠭᠴᠢ᠂ ᠥᠪᠦᠷ ᠮᠣᠩᠭᠤᠯ ᠤ᠋ᠨ ᠤᠷᠠᠨ ᠵᠣᠬᠢᠶᠠᠯ ᠣᠷᠴᠢᠭᠤᠯᠤᠭᠴᠢᠳ  ᠤᠨ ᠡᠪᠯᠡᠯ ᠦᠨ ᠳᠡᠳ᠋ ᠲᠡᠷᠢᠭᠦᠯᠡᠭᠴᠢ ᠮᠥᠨ᠃ 1999 ᠣᠨ ᠳᠤ ᠲᠦᠷᠥ  ᠵᠢᠨ ᠲᠡᠷᠢᠭᠦᠨ ᠲᠠᠰ  ᠤᠨ ᠵᠣᠬᠢᠶᠠᠯᠴᠢ  ᠵᠢᠨ ᠴᠣᠯᠠ ᠬᠠᠮᠠᠭᠠᠯᠠᠪᠠ᠃