ᠨᠡᠷ᠎ᠡ:
ᠰᠤᠳᠨᠠᠮᠵᠤᠮᠵᠤ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠰᠤᠳᠨᠠᠮᠵᠤᠮᠵᠤ ( 1916~ ) ᠨᠣᠮ ᠬᠡᠪᠯᠡᠯ ᠦᠨ ᠠᠵᠢᠯᠲᠠᠨ᠃ 《ᠳᠣᠣ ᠹᠧᠨ ᠬᠡᠪᠯᠡᠯ ᠦᠨ ᠱᠠᠩᠨᠠᠯ》 ᠬᠦᠷᠲᠡᠭᠴᠢ᠃ ᠥᠪᠦᠷ ᠮᠣᠩᠭᠤᠯ ᠤ᠋ᠨ ᠬᠥᠪᠡᠭᠡᠲᠦ ᠰᠢᠷ᠎ᠠ ᠬᠣᠰᠢᠭᠤᠨ ᠳᠤ ᠲᠦᠷᠥᠪᠡ᠂ 《ᠣᠲᠣ ᠵᠢᠨ ᠲᠠᠢᠫᠦᠰᠧ ᠬᠣᠰᠢᠭᠤᠨ ᠤ ᠤᠯᠠᠭᠠᠨᠨᠠᠭᠤᠷ )᠃ 1933 ᠣᠨ ᠤ 9 ᠰᠠᠷ᠎ᠠ ᠠᠴᠠ 1937 ᠣᠨ ᠤ 7 ᠰᠠᠷ᠎ᠠ ᠬᠦᠷᠲᠡᠯ᠎ᠡ ᠪᠡᠭᠡᠵᠢᠩ ᠦᠨ ᠮᠣᠩᠭᠤᠯ ᠲᠥᠪᠡᠳ ᠰᠤᠷᠭᠠᠭᠤᠯᠢ ᠳᠤ ᠰᠤᠷᠤᠯᠴᠠᠵᠤ 1938 ᠣᠨ ᠤ ᠬᠠᠪᠤᠷ ᠠᠴᠠ 1939 ᠣᠨ ᠬᠦᠷᠲᠡᠯ᠎ᠡ ᠵᠠᠩᠪᠧᠶ ᠵᠢᠨ ᠮᠣᠩᠭᠤᠯ ᠵᠠᠯᠠᠭᠤᠰ ᠤᠨ ᠰᠤᠷᠭᠠᠭᠤᠯᠢ ᠳᠤ ᠪᠠᠭᠰᠢᠯᠠᠪᠠ᠃ 1939 ᠣᠨ ᠤ ᠨᠠᠮᠤᠷ ᠠᠴᠠ 1940 ᠣᠨ ᠬᠦᠷᠲᠡᠯ᠎ᠡ ᠴᠢᠭᠤᠯᠤᠯ ᠲᠦ᠍ ᠬᠠᠭᠠᠯᠭ᠎ᠠ ᠬᠣᠲᠠ ᠵᠢᠨ ᠮᠣᠩᠭᠤᠯ ᠤ᠋ᠨ ᠬᠢᠵᠠᠭᠠᠷ ᠤᠨ ᠳᠡᠭᠡᠳᠦ ᠰᠤᠷᠭᠠᠭᠤᠯᠢ ᠳᠤ ᠰᠤᠷᠤᠯᠴᠠᠵᠤ ᠰᠤᠷᠤᠯᠭ᠎ᠠ ᠲᠡᠭᠦᠰᠦᠭᠰᠡᠨ ᠦ ᠬᠣ ᠰᠢᠨ᠎ᠡ ᠮᠥᠨ ᠵᠠᠩᠪᠧᠶ ᠵᠢᠨ ᠵᠠᠯᠠᠭᠤᠰ ᠤᠨ ᠰᠤᠷᠭᠠᠭᠤᠯᠢ ᠳᠤ ᠪᠠᠭᠰᠢᠯᠠᠵᠠᠢ .. 1940 ᠣᠨ ᠠᠴᠠ 1943 ᠣᠨ ᠤ ᠬᠣᠭᠤᠷᠤᠨᠳᠤ ᠮᠣᠩᠭᠤᠯ ᠤ᠋ᠨ ᠬᠢᠵᠠᠭᠠᠷ ᠤᠨ ᠬᠠᠭᠤᠷᠮᠠᠭ ᠵᠠᠰᠠᠭ ᠤᠨ ᠣᠷᠳᠤᠨ ᠤ᠋ ᠵᠠᠰᠠᠭ ᠤᠨ ᠶᠠᠪᠤᠳᠠᠯ ᠤᠨ ᠳᠡᠭᠡᠳᠦ ᠰᠤᠷᠭᠠᠭᠤᠯᠢ ᠵᠢᠨ ᠶᠡᠷᠦᠩᠬᠡᠶ ᠶᠠᠪᠤᠳᠠᠯ ᠤᠨ ᠲᠢᠩᠬᠢᠮ ᠦᠨ ᠵᠠᠬᠢᠷᠤᠯ ᠵᠣᠳᠪᠤᠵᠠᠪ ᠤᠨ ᠳᠣᠣᠷ᠎ᠠ ᠨᠠᠷᠢᠨ ᠪᠢᠴᠢᠭᠡᠴᠢ ᠪᠡᠷ ᠠᠵᠢᠯ ᠰᠢᠯᠵᠢᠵᠠᠶ .. 1943 ᠣᠨ ᠠᠴᠠ 1944 ᠣᠨ ᠳᠤ ᠶᠠᠫᠣᠨ ᠤ ᠸᠠᠰᠠᠢᠲᠠ ᠶᠡᠬᠡ ᠰᠤᠷᠭᠠᠭᠤᠯᠢ ᠳᠤ ᠤᠯᠤᠰ ᠲᠦᠷᠥ ᠠᠵᠤ ᠠᠬᠤᠶ ᠵᠢᠨ ᠲᠤᠰᠭᠠᠢ ᠮᠡᠷᠭᠡᠵᠢᠯ ᠢ ᠰᠤᠷ ᠴᠤ᠌ ᠰᠠᠯᠪᠢᠵᠠᠶ᠂ 1944 ᠣᠨ ᠤ ᠬᠠᠪᠤᠷ ᠴᠠᠬᠠᠷ ᠠᠢᠮᠠᠭ ᠲᠠᠭᠠᠨ ᠪᠤᠴᠠᠵᠤ ᠢᠷᠡᠭᠡᠳ ᠮᠢᠩᠭᠠᠨ ᠬᠣᠰᠢᠭᠤᠨ ᠤ ᠬᠣᠰᠢᠭᠤᠨ ᠤ ᠵᠠᠬᠢᠷᠭ᠎ᠠ ᠳᠤ ᠠᠵᠢᠯᠯᠠᠪᠠ᠂ 1945 ᠣᠨ ᠤ 8 ᠰᠠᠷ᠎ᠠ ᠳᠤ ᠶᠠᠫᠣᠨ ᠪᠠᠭᠤᠵᠤ ᠥᠭᠭᠦᠭᠰᠡᠨ ᠦ᠌ ᠰᠡᠭᠦᠯᠡᠷ᠂ ᠲᠤᠰᠭᠠᠢ ᠵᠢᠨ ᠦᠶ᠎ᠡ ᠵᠢᠨ ᠵᠥᠪᠯᠡᠯᠲᠦ ᠮᠣᠩᠭᠤᠯ ᠤ᠋ᠨ ᠴᠡᠷᠢᠭ ᠦᠨ ᠰᠧᠯᠢᠩᠪᠦ᠋ ᠳᠦ ᠮᠢᠩᠭᠠᠨ ᠬᠣᠰᠢᠭᠤᠨ ᠤ ᠬᠣᠰᠢᠭᠤᠨ ᠳᠠᠷᠤᠭ᠎ᠠ ᠪᠠᠷ ᠲᠦᠷ ᠴᠠᠭ ᠲᠣᠮᠢᠯᠠᠭᠳᠠᠪᠠ .. 1945 ᠣᠨ ᠤ 10 ᠰᠠᠷ᠎ᠠ ᠳᠤ ᠴᠢᠭᠤᠯᠤᠯ ᠲᠦ᠍ ᠬᠠᠭᠠᠯᠭ᠎ᠠ ᠬᠣᠲᠠ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠬᠣᠯᠪᠤᠭᠠᠨ ᠲᠦ᠍ ᠬᠤᠷᠠᠯ ᠤᠨ ᠭᠦᠢᠴᠡᠳᠬᠡᠬᠦ ᠺᠣᠮᠢᠰ ᠤᠨ ᠪᠠᠢᠩᠭᠤ ᠵᠢᠨ ᠠᠵᠢᠯ ᠤᠨ ᠭᠡᠰᠢᠭᠦᠨ ᠦ ᠲᠤᠰᠢᠶᠠᠯ ᠬᠠᠷᠢᠭᠤᠴᠠᠬᠤ ᠵᠢᠨ ᠬᠠᠮᠲᠤ ᠵᠠᠯᠠᠭᠤ ᠴᠤ᠌ᠳ ᠤᠨ ᠬᠡᠯᠲᠡᠰ ᠦᠨ ᠳᠠᠷᠤᠭ᠎ᠠ ᠵᠢᠨ ᠠᠵᠢᠯ ᠢ ᠳᠠᠪᠬᠤᠷ ᠬᠠᠷᠢᠭᠤᠴᠠᠵᠤ ᠪᠠᠢᠵᠠᠢ .. 1946 ᠣᠨ ᠤ ᠬᠠᠪᠤᠷ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠬᠣᠯᠪᠤᠭᠠᠨ ᠲᠦ᠍ ᠬᠤᠷᠠᠯ ᠠᠴᠠ ᠴᠠᠬᠠᠷ ᠠᠢᠮᠠᠭ ᠲᠦ᠍ ᠬᠤᠪᠢᠶᠠᠭᠳᠠᠨ ᠣᠴᠢᠵᠤ᠂ ᠴᠠᠬᠠᠷ ᠠᠢᠮᠠᠭ ᠤᠨ ᠰᠠᠯᠪᠤᠷᠢ ᠬᠤᠷᠠᠯ ᠪᠠ ᠠᠢᠮᠠᠭ ᠤᠨ ᠵᠠᠰᠠᠭ ᠤᠨ ᠣᠷᠳᠤᠨ ᠢ᠋ ᠪᠠᠢᠭᠤᠯᠬᠤ ᠠᠵᠢᠯ ᠳᠤ ᠣᠷᠤᠯᠴᠠᠵᠤ᠂ ᠴᠠᠬᠠᠷ ᠠᠢᠮᠠᠭ ᠤᠨ ᠠᠷᠠᠳ ᠤᠨ ᠶᠠᠪᠤᠳᠠᠯ ᠤᠨ ᠭᠠᠵᠠᠷ ᠤᠨ ᠳᠠᠷᠤᠭ᠎ᠠ ᠪᠠᠷ ᠠᠵᠢᠯᠯᠠᠪᠠ 1946 ᠣᠨ ᠳᠤ ᠳᠣᠲᠤᠭᠠᠳᠤ ᠵᠢᠨ ᠳᠠᠵᠢᠨ ᠡᠭᠦᠰᠬᠦ ᠳᠦ ᠬᠡᠸᠨ ᠵᠢᠨ ᠬᠠᠮᠲᠤ ᠬᠠᠪᠢᠷᠭ᠎ᠠ ᠶᠢ ᠰᠠᠬᠢᠵᠤ ᠲᠦᠷ ᠰᠠᠭᠤᠪᠠ᠃ ᠲᠤᠰ ᠵᠢᠯ ᠦᠨ 11 ᠰᠠᠷ᠎ᠠ ᠳᠤ ᠴᠧᠨ ᠪᠢᠩ ᠢᠦᠢ ᠯᠤᠭ᠎ᠠ ᠰᠢᠯᠢ ᠵᠢᠨ ᠬᠣᠲᠠ ᠳᠤ ᠣᠴᠢᠵᠤ ᠤᠯᠠᠭᠠᠨᠭᠦᠦ ᠲᠡᠢ ᠠᠭᠤᠯᠵᠠᠪᠠ .. 1947 ᠣᠨ ᠤ 1 ᠰᠠᠷ᠎ᠠ ᠳᠤ ᠴᠠᠬᠠᠷ ᠠᠢᠮᠠᠭ ᠢ ᠲᠥᠯᠦᠭᠡᠯᠡᠨ ᠤᠯᠠᠭᠠᠨᠬᠣᠲᠠ ᠸᠠᠩ ᠤᠨ ᠰᠦᠮ᠎ᠡ ᠳᠦ ᠣᠴᠢᠵᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠵᠠᠰᠠᠭ ᠤᠨ ᠣᠷᠳᠤᠨ ᠪᠠᠢᠭᠤᠯᠤᠭᠳᠠᠬᠤ ᠶᠡᠬᠡ ᠬᠤᠷᠠᠯ ᠳᠤ ᠣᠷᠤᠯᠴᠠᠭᠰᠠᠨ ᠪᠥᠭᠡᠳ ᠲᠤᠰ ᠵᠢᠯ ᠦᠨ 5 ᠰᠠᠷ᠎ᠠ ᠳᠤ ᠵᠠᠰᠠᠭ ᠤᠨ ᠣᠷᠳᠤᠨ ᠤ᠋ ᠰᠤᠷᠭᠠᠨ ᠬᠥᠮᠦᠵᠢᠯ ᠦ᠋ᠨ ᠬᠡᠯᠲᠡᠰ ᠦᠨ ᠰᠤᠷᠭᠠᠨ ᠬᠥᠮᠦᠵᠢᠯ ᠦ᠋ᠨ ᠲᠣᠪᠴᠢᠶᠠᠨ ᠤ ᠳᠠᠷᠤᠭ᠎ᠠ ᠪᠣᠯᠪᠠ .. 1947 ᠣᠨ ᠠᠴᠠ 1950 ᠣᠨ ᠳᠤ ᠰᠤᠷᠭᠠᠨ ᠬᠥᠮᠦᠵᠢᠯ ᠦ᠋ᠨ ᠲᠣᠪᠴᠢᠶ᠎ᠠ ᠶᠢ ᠬᠦ ᠴᠤ᠌ᠨ ᠦᠬᠡᠶ ᠪᠣᠯᠭᠠᠭᠰᠠᠨ ᠤ ᠰᠡᠭᠦᠯᠡᠷ ᠰᠣᠶᠤᠯ ᠰᠤᠷᠭᠠᠨ ᠬᠥᠮᠦᠵᠢᠯ ᠦ᠋ᠨ ᠬᠡᠯᠲᠡᠰ ᠦᠨ ᠨᠠᠢᠷᠠᠭᠤᠯᠵᠤ ᠣᠷᠴᠢᠭᠤᠯᠬᠤ ᠭᠠᠵᠠᠷ ᠠᠵᠢᠯᠯᠠᠵᠤ᠂ ᠳᠡᠳ᠋ ᠭᠠᠵᠠᠷ ᠤᠨ ᠳᠠᠷᠤᠭ᠎ᠠ ᠵᠢᠨ ᠲᠤᠰᠢᠶᠠᠯ ᠬᠠᠷᠢᠭᠤᠴᠠᠪᠠ᠂ 1951 ᠣᠨ ᠠᠴᠠ 1953 ᠣᠨ ᠬᠦᠷᠲᠡᠯ᠎ᠡ ᠥᠪᠦᠷ ᠮᠣᠩᠭᠤᠯ ᠤ᠋ᠨ ᠬᠡᠪᠯᠡᠯ ᠦᠨ ᠲᠣᠪᠴᠢᠶ᠎ᠠ᠂ ᠬᠡᠪᠯᠡᠯ ᠦᠨ ᠬᠣᠷᠢᠶ᠎ᠠ ᠳᠤ ᠠᠵᠢᠯᠯᠠᠵᠤ ᠡᠬᠡ ᠪᠢᠴᠢᠭ ᠬᠢᠨᠠᠵᠤ ᠨᠠᠢᠷᠠᠭᠤᠯᠬᠤ ᠪᠤᠶᠤ ᠡᠷᠬᠢᠯᠡᠭᠴᠢ ᠵᠢᠨ ᠲᠤᠰᠢᠶᠠᠯ ᠬᠠᠷᠢᠭᠤᠴᠠᠵᠤ ᠪᠠᠢᠪᠠ .. 1953 ᠣᠨ ᠳᠤ ᠥᠪᠦᠷ ᠮᠣᠩᠭᠤᠯ ᠤ᠋ᠨ ᠤᠯᠤᠰ ᠲᠦᠷᠥ ᠵᠢᠨ ᠵᠥᠪᠯᠡᠯᠭᠡᠨ ᠦ᠌ ᠭᠡᠰᠢᠭᠦᠨ ᠪᠣᠯᠤᠭᠰᠠᠨ ᠪᠥᠭᠡᠳ ᠥᠪᠦᠷ ᠮᠣᠩᠭᠤᠯ ᠤ᠋ᠨ ᠤᠳᠭ᠎ᠠ ᠤᠷᠠᠯᠢᠭ ᠤᠨ ᠬᠣᠯᠪᠤᠭ᠎ᠠ ᠪᠠᠢᠭᠤᠯᠤᠭᠳᠠᠬᠤ ᠶᠡᠬᠡ ᠬᠤᠷᠠᠯ ᠳᠤ ᠣᠷᠤᠯᠴᠠᠵᠤ᠂ ᠭᠦᠢᠴᠡᠳᠬᠡᠬᠦ ᠭᠡᠰᠢᠭᠦᠨ ᠪᠣᠯᠪᠠ .. 1953 ᠣᠨ ᠠᠴᠠ 1956 ᠣᠨ ᠬᠦᠷᠲᠡᠯ᠎ᠡ ᠥᠪᠦᠷ ᠮᠣᠩᠭᠤᠯ ᠤ᠋ᠨ ᠠᠷᠠᠳ ᠤᠨ ᠬᠡᠪᠯᠡᠯ ᠦᠨ ᠬᠣᠷᠢᠶᠠᠨ ᠤ᠋ ᠨᠢᠭᠡᠳᠦᠭᠡᠷ ᠨᠠᠢᠷᠠᠭᠤᠯᠬᠤ ᠬᠡᠷ ᠦᠨ ᠳᠠᠷᠤᠭ᠎ᠠ ᠪᠠᠷ ᠠᠵᠢᠯᠯᠠᠵᠠᠶ᠂ 1956 ᠣᠨ ᠳᠤ ᠥᠪᠦᠷ ᠮᠣᠩᠭᠤᠯ ᠤ᠋ᠨ ᠠᠷᠠᠳ ᠤᠨ ᠬᠡᠪᠯᠡᠯ ᠦᠨ ᠬᠣᠷᠢᠶ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠤᠪᠠ᠃ 1956 ᠣᠨ ᠠᠴᠠ 1960 ᠣᠨ ᠬᠦᠷᠲᠡᠯ᠎ᠡ ᠥᠪᠦᠷ ᠮᠣᠩᠭᠤᠯ ᠤ᠋ᠨ ᠠᠷᠠᠳ ᠤᠨ ᠬᠡᠪᠯᠡᠯ ᠦᠨ ᠬᠣᠷᠢᠶᠠᠨ ᠤ᠋ ᠶᠡᠷᠦᠩᠬᠡᠶ ᠨᠠᠢᠷᠠᠭᠤᠯᠬᠤ ᠬᠡᠷ ᠦᠨ ᠳᠡᠳ᠋ ᠶᠡᠷᠦᠩᠬᠡᠶ ᠨᠠᠢᠷᠠᠭᠤᠯᠤᠭᠴᠢ ᠪᠠᠢᠪᠠ .. 1957 ᠣᠨ ᠤ [0 ᠰᠠᠷ᠎ᠠ ᠳᠤ ᠳᠤᠮᠳᠠᠳᠤ ᠤᠯᠤᠰ ᠤᠨ ᠬᠡᠪᠯᠡᠯ ᠦᠨ ᠠᠵᠢᠯ ᠤᠨ ᠲᠥᠯᠦᠭᠡᠯᠡᠭᠴᠢ ᠪᠡᠷ ᠣᠷᠤᠰ᠂ ᠬᠠᠰᠬᠠᠰᠲ᠋ᠠᠨ᠂ ᠦᠽᠪᠧᠺᠰᠲ᠋ᠡᠨ ᠵᠢᠴᠢ ᠺᠢᠷᠺᠢᠰᠲ᠋ᠠᠨ ᠵᠡᠷᠭᠡ ᠭᠠᠵᠠᠷ ᠢᠶᠠᠷ ᠠᠢᠯᠴᠢᠯᠠᠵᠠᠢ .. 1960 ᠣᠨ ᠳᠤ ᠥᠪᠦᠷ ᠮᠣᠩᠭᠤᠯ ᠤ᠋ᠨ ᠬᠡᠪᠯᠡᠯ ᠦᠨ ᠲᠣᠪᠴᠢᠶ᠎ᠠ ᠪᠠᠢᠭᠤᠯᠤᠭᠳᠠᠵᠤ᠂ ᠲᠡᠷᠡ ᠪᠡᠷ ᠳᠡᠳ᠋ ᠲᠣᠪᠴᠢᠶᠠᠨ ᠳᠠᠷᠤᠭ᠎ᠠ ᠵᠢᠨ ᠲᠤᠰᠢᠶᠠᠯ ᠪᠣᠯ ᠤᠨ ᠥᠪᠦᠷ ᠮᠣᠩᠭᠤᠯ ᠤ᠋ᠨ ᠠᠷᠠᠳ ᠤᠨ ᠬᠡᠪᠯᠡᠯ ᠦᠨ ᠬᠣᠷᠢᠶᠠᠨ ᠤ᠋ ᠬᠣᠷᠢᠶᠠᠨ ᠳᠠᠷᠤᠭ᠎ᠠ ᠵᠢᠨ ᠲᠤᠰᠢᠶᠠᠯ ᠢ ᠳᠠᠪᠬᠤᠷ ᠬᠠᠷᠢᠭᠤᠴᠠᠵᠠᠶ .. 1966 ᠣᠨ ᠳᠤ ᠥᠪᠦᠷ ᠮᠣᠩᠭᠤᠯ ᠤ᠋ᠨ ᠠᠷᠠᠳ ᠤᠨ ᠲᠥᠯᠦᠭᠡᠯᠡᠭᠴᠢ ᠪᠣᠯᠵᠤ ᠥᠩᠭᠡᠷᠡᠪᠡ᠃ 1966 ᠣᠨ ᠠᠴᠠ 1972 ᠣᠨ ᠳᠤ 《ᠰᠣᠶᠤᠯ ᠤ᠋ᠨ ᠶᠡᠬᠡ ᠬᠤᠪᠢᠰᠭᠠᠯ》 ᠤᠨ ᠳᠤᠮᠳᠠ ᠬᠢᠯᠢᠰ ᠢᠶᠡᠷ ᠪᠠᠢᠴᠠᠭᠠᠭᠳᠠᠵᠤ᠂ 1972 ᠣᠨ ᠤ 6 ᠰᠠᠷ᠎ᠠ ᠠᠴᠠ 1978 ᠣᠨ ᠬᠦᠷᠲᠡᠯ᠎ᠡ ᠠᠵᠢᠯ ᠬᠤᠪᠢᠶᠠᠷᠢᠯᠠᠬᠤ ᠶᠢ ᠬᠦᠯᠢᠶᠡᠬᠦ ᠰᠤᠷᠤᠯᠴᠠᠬᠤ ᠠᠩᠭᠢ ᠳᠤ ᠰᠤᠷᠤᠯᠴᠠᠪᠠ .. 1978 ᠣᠨ ᠤ ᠬᠠᠪᠤᠷ ᠥᠪᠦᠷ ᠮᠣᠩᠭᠤᠯ ᠤ᠋ᠨ ᠬᠡᠪᠯᠡᠯ ᠦᠨ ᠲᠣᠪᠴᠢᠶᠠᠨ ᠳᠤ ᠵᠥᠪᠯᠡᠭᠴᠢ ᠪᠣᠯᠵᠠᠢ᠂ . 1978 ᠣᠨ ᠤ ᠡᠪᠦᠯ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠨᠠᠮ ᠤᠨ ᠬᠣᠷᠢᠶ᠎ᠠ ᠠᠴᠠ ᠬᠢᠯᠢᠰ ᠢ ᠨᠢ ᠴᠠᠭᠠᠳᠭᠠᠨ ᠥᠭ ᠴᠤ᠌ ᠥᠪᠦᠷ ᠮᠣᠩᠭᠤᠯ ᠤ᠋ᠨ ᠬᠡᠪᠯᠡᠯ ᠦᠨ ᠲᠣᠪᠴᠢᠶᠠᠨ ᠤ ᠳᠡᠳ᠋ ᠲᠣᠪᠴᠢᠶᠠᠨ ᠳᠠᠷᠤᠭ᠎ᠠ ᠪᠣᠯᠭᠠᠪᠠ᠃ 1985 ᠣᠨ ᠤ 6 ᠰᠠᠷ᠎ᠠ ᠳᠤ ᠨᠠᠰ ᠤᠨ ᠤ ᠠᠮᠠᠷᠠᠯᠲᠠ ᠠᠪᠴᠠᠢ᠃ 1986 ᠣᠨ ᠤ 11 ᠰᠠᠷ᠎ᠠ ᠵᠢᠨ 26 ᠤ ᠡᠳᠦᠷ᠂ ᠳᠤᠮᠳᠠᠳᠤ ᠤᠯᠤᠰ ᠤᠨ ᠵᠣᠬᠢᠶᠠᠯᠴᠢᠳ ᠤᠨ ᠨᠡᠢᠭᠡᠮᠯᠢᠭ ᠦᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠰᠠᠯᠪᠤᠷᠢ ᠬᠤᠷᠠᠯ ᠤᠨ ᠨᠡᠷ᠎ᠡ ᠬᠦᠨᠳᠦᠲᠦ ᠦᠨᠡᠮᠯᠡᠯ ᠣᠯᠪᠠ .. 1988 ᠣᠨ ᠤ 7 ᠰᠠᠷ᠎ᠠ ᠵᠢᠨ 1.1 ᠤ ᠡᠳᠦᠷ ᠨᠠᠢ᠍ᠮᠠᠨ ᠮᠤᠵᠢ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦᠨ ᠠᠵᠢᠯ ᠤᠨ ᠳᠡᠳ᠋ᠨᠡᠷᠡ ᠬᠦᠨᠳᠦᠲᠦ ᠦᠨᠡᠮᠯᠡᠯ ᠢ ᠣᠯᠪᠠ .. 1990 ᠣᠨ ᠤ 11 ᠰᠠᠷ᠎ᠠ ᠵᠢᠨ 6 ᠤ ᠡᠳᠦᠷ᠂ ᠳᠤᠮᠳᠠᠳᠤ ᠤᠯᠤᠰ ᠤᠨ ᠤᠬᠠᠭᠤᠯᠬᠤ ᠬᠡᠯᠲᠡᠰ᠂ ᠳᠤᠮᠳᠠᠳᠤ ᠤᠯᠤᠰ ᠤᠨ ᠰᠣᠨᠢᠨ ᠮᠡᠳᠡᠭᠡ ᠬᠡᠪᠯᠡᠯ ᠦᠨ ᠵᠠᠬᠢᠷᠭ᠎ᠠ᠂ ᠳᠤᠮᠳᠠᠳᠤ ᠤᠯᠤᠰ ᠤᠨ ᠳᠣᠣ ᠹᠧᠨ ᠦ ᠰᠠᠭᠤᠷᠢ ᠮᠥᠩᠭᠦᠨ ᠦ᠌ ᠨᠡᠢᠭᠡᠮᠯᠢᠭ ᠪᠣᠯ ᠤᠨ ᠳᠤᠮᠳᠠᠳᠤ ᠤᠯᠤᠰ ᠤᠨ ᠬᠡᠪᠯᠡᠯ ᠦᠨ ᠠᠵᠢᠯᠲᠠᠳ ᠤᠨ ᠨᠡᠢᠭᠡᠮᠯᠢᠭ ᠦᠨ ᠬᠠᠮᠲᠤᠷᠠᠵᠤ ᠬᠢᠨᠠᠨ ᠲᠣᠭᠲᠠᠭᠠᠭᠰᠠᠨ ᠳᠤᠮᠳᠠᠳᠤ ᠤᠯᠤᠰ ᠤᠨ ᠰᠣᠨᠢᠨ ᠮᠡᠳᠡᠭᠡ ᠬᠡᠪᠯᠡᠯ ᠦ᠋ᠨ ᠬᠵᠢᠨ ᠦ᠌ ᠬᠠᠮᠤᠭ ᠤᠨ ᠳᠡᠭᠡᠳᠦ ᠱᠠᠩᠨᠠᠯ —— 《ᠳᠣᠣ ᠹᠧᠨ ᠦ ᠬᠡᠪᠯᠡᠯ ᠦᠨ ᠱᠠᠩᠨᠠᠯ》 ᠢ ᠬᠦᠷᠲᠡᠵᠡᠶ᠂ . 1992 ᠣᠨ ᠤ 7 ᠰᠠᠷ᠎ᠠ ᠵᠢᠨ 25 ᠤ ᠡᠳᠦᠷ ᠬᠣᠶᠠᠳᠠᠬᠢ ᠤᠳᠠᠭᠠᠨ ᠤ ᠰᠢᠯᠢᠳᠡᠭ ᠮᠣᠩᠭᠤᠯ ᠨᠣᠮ ᠪᠢᠴᠢᠭ ᠦᠨ ᠰᠢᠯᠭᠠᠷᠠᠭᠤᠯᠤᠯᠲᠠ ᠳᠤ 《ᠥᠪᠦᠷ ᠮᠣᠩᠭᠤᠯ ᠤ᠋ᠨ ᠲᠥᠪ ᠤᠭᠰᠠᠭᠠᠨ ᠤ ᠴᠠᠬᠠᠷ ᠤᠨ ᠲᠡᠦᠬᠡᠨ ᠮᠠᠲ᠋ᠧᠷᠢᠶᠠᠯ》 ᠨᠢ ᠰᠢᠯᠢᠳᠡᠭ ᠨᠣᠮ ᠤᠨ ᠱᠠᠩᠨᠠᠯ ᠬᠦᠷᠲᠡᠪᠡ .. 1993 ᠣᠨ ᠤ 6 ᠰᠠᠷ᠎ᠠ ᠳᠤ 9L~ 92 ᠣᠨ ᠤ ᠰᠣᠶᠤᠯ ᠤ᠋ᠨ ᠰᠢᠰᠲ᠋ᠧᠮ ᠦ᠋ᠨ ᠬᠵᠢᠨ ᠦ᠌ ᠰᠢᠯᠢᠳᠡᠭ ᠡᠪ ᠬᠠᠮᠲᠤ ᠨᠠᠮ ᠤᠨ ᠭᠡᠰᠢᠭᠦᠨ ᠦ ᠦᠨᠡᠮᠯᠡᠯ ᠣᠯᠪᠠ᠃ 40 ᠭᠠᠷᠤᠶ ᠵᠢᠯ ᠦᠨ ᠲᠦ᠍ᠷᠰᠢ᠂ ᠲᠡᠷᠡ ᠪᠡᠷ ᠨᠡᠢᠳᠡᠮ ᠥᠪᠦᠷ ᠮᠣᠩᠭᠤᠯ ᠤ᠋ᠨ ᠦᠨᠳᠦᠰᠦᠲᠡᠨ ᠦ ᠬᠡᠪᠯᠡᠯ ᠦᠨ ᠹᠷᠣᠨᠲ ᠲᠦ᠍ ᠵᠢᠳᠭᠦᠵᠦ ᠢᠷᠡᠪᠡ᠂ 《ᠬᠢᠯᠪᠠᠷᠴᠢᠯᠠᠭᠰᠠᠨ ᠤᠯᠤᠰ ᠲᠦᠷᠥ ᠵᠢᠨ ᠶᠡᠷᠦ ᠵᠢᠨ ᠮᠡᠳᠡᠯᠭᠡ》᠂ 《ᠦᠰᠥᠭ ᠲᠠᠨᠢᠬᠤ ᠳᠡᠪᠲᠡᠷ》᠂ 《ᠡᠷᠡᠭᠦᠯ ᠬᠠᠮᠠᠭᠠᠯᠠᠯ ᠤᠨ ᠶᠡᠷᠦ ᠵᠢᠨ ᠮᠡᠳᠡᠯᠭᠡ》 ᠵᠡᠷᠭᠡ ᠬᠡᠳᠦᠨ ᠠᠷᠪᠠᠨ ᠵᠦᠢᠯ ᠦᠨ ᠮᠣᠩᠭᠤᠯ ᠬᠢᠯᠪᠠᠷᠴᠢᠯᠠᠭᠰᠠᠨ ᠤᠩᠰᠢᠬᠤ ᠪᠢᠴᠢᠭ ᠪᠠ ᠬᠢᠴᠢᠶᠡᠯ ᠦᠨ ᠪᠢᠴᠢᠭ ᠨᠠᠢᠷᠠᠭᠤᠯᠪᠠ᠂ ᠪᠠᠰᠠ ᠪᠠᠭ᠎ᠠ ᠰᠤᠷᠭᠠᠭᠤᠯᠢ᠂ ᠳᠤᠮᠳᠠᠳᠤ ᠰᠤᠷᠭᠠᠭᠤᠯᠢ ᠵᠢᠨ ᠮᠣᠩᠭᠤᠯ ᠬᠢᠴᠢᠶᠡᠯ ᠦᠨ ᠪᠢᠴᠢᠭ ᠵᠢᠴᠢ ᠡᠩ ᠦᠨ ᠮᠣᠩᠭᠤᠯ ᠨᠣᠮ ᠪᠢᠴᠢᠭ ᠢ ᠨᠠᠢᠷᠠᠭᠤᠯ ᠤᠨ ᠬᠡᠪᠯᠡᠭᠦᠯᠬᠦ ᠠᠵᠢᠯ ᠳᠤ ᠣᠷᠣᠯᠴᠠᠵᠠᠶ᠃ ᠲᠡᠷᠡ ᠪᠡᠷ ᠮᠣᠩᠭᠤᠯ᠂ ᠬᠢᠲᠠᠳ᠂ ᠶᠠᠫᠣᠨ ᠬᠡᠯᠡᠨ ᠳᠦ ᠨᠡᠪᠲᠡᠷᠡᠵᠦ᠂ ᠣᠷᠴᠢᠭᠤᠯᠭ᠎ᠠ ᠵᠢᠨ ᠨᠣᠮ ᠪᠢᠴᠢᠭ ᠦᠨ ᠬᠦᠨᠳᠦ ᠨᠦᠰᠡᠷ ᠬᠢᠨᠠᠬᠤ ᠠᠵᠢᠯ ᠢ ᠭᠦᠢᠴᠡᠳᠭᠡᠵᠦ ᠪᠠᠢᠯ᠎ᠠ᠃ ᠮᠠᠰᠢ ᠠᠷᠪᠢᠨ ᠰᠣᠩᠭᠤᠳᠠᠭ ᠵᠣᠬᠢᠶᠠᠯ ᠪᠠ ᠠᠯᠳᠠᠷ ᠲᠦ᠍ ᠵᠣᠬᠢᠶᠠᠯ ᠤᠨ ᠣᠷᠴᠢᠭᠤᠯᠬᠤ ᠠᠵᠢᠯ ᠢ ᠵᠣᠬᠢᠶᠠᠨ ᠪᠠᠢᠭᠤᠯᠬᠤ ᠪᠤᠶᠤ ᠣᠷᠴᠢᠭᠤᠯᠬᠤ ᠠᠵᠢᠯ ᠳᠤ ᠣᠷᠣᠯᠴᠠᠵᠠᠶ᠃ 20 ᠳ᠋ᠤᠭᠠᠷ ᠵᠠᠭ ᠤᠨ ᠤ ᠳᠥᠴᠢᠭᠡᠳ ᠣᠨ ᠤ ᠰᠡᠭᠦᠯᠴᠢ ᠡᠴᠡ 《ᠨᠡᠢᠭᠡᠮ ᠦᠨ ᠬᠥᠭᠵᠢᠯ ᠦ᠋ᠨ ᠲᠡᠦᠬᠡ》᠂ 《ᠳᠤᠮᠳᠠᠳᠤ ᠤᠯᠤᠰ ᠤᠨ ᠬᠤᠪᠢᠰᠭᠠᠯ ᠪᠠ ᠳᠤᠮᠳᠠᠳᠤ ᠤᠯᠤᠰ ᠤᠨ ᠡᠪ ᠬᠠᠮᠲᠤ ᠨᠠᠮ》 ᠵᠡᠷᠭᠡ ᠨᠣᠮ ᠢ ᠮᠣᠩᠭᠣᠯᠴᠢᠮᠠᠭᠰᠠᠨ ᠪᠥᠭᠡᠳ ᠵᠢᠷᠠᠭᠠᠳ ᠣᠨ ᠤ ᠡᠬᠢ ᠪᠡᠷ 《ᠮᠠᠤ ᠽᠸ ᠳ᠋ᠦᠩ ᠦᠨ ᠰᠣᠩᠭᠤᠮᠠᠯ ᠵᠣᠬᠢᠶᠠᠯ》 ( 1——4 ᠪᠣᠲᠢ ) ᠤᠨ ᠮᠣᠩᠭᠤᠯ ᠣᠷᠴᠢᠭᠤᠯᠭ᠎ᠠ ᠵᠢᠨ ᠡᠬᠡ ᠪᠢᠴᠢᠭ ᠢ ᠬᠢᠨᠠᠵᠤ ᠲᠣᠭᠲᠠᠭᠠᠬᠤ ᠠᠵᠢᠯ ᠢ ᠡᠭᠦᠷᠭᠡᠯᠡᠪᠡ .. ᠯᠦ᠍ ᠰᠢᠶᠣᠨ ᠤ 《ᠠ᠋? Q ᠵᠢᠨ ᠵᠢᠩᠬᠢᠨᠢ ᠨᠠᠮᠲᠠᠷ》᠂ ᠭᠦᠸᠸ ᠮᠦᠧᠸ ᠿᠦᠸᠸ ᠵᠢᠨ 《ᠭᠠᠵᠠᠷ ᠤᠨ ᠪᠥᠮᠪᠦᠷᠴᠡᠭ ᠮᠢᠨᠤ ᠡᠵᠢ》᠂ ᠹᠷᠠᠨᠼᠢ ᠵᠢᠨ ᠵᠣᠬᠢᠶᠠᠯᠴᠢ ᠷᠧᠨᠸ ᠭ᠋ᠷᠦᠰᠧ ᠵᠢᠨ ᠳᠣᠷᠪᠢᠯᠢᠭ ᠪᠦᠲᠦᠭᠡᠯ 《ᠠᠽᠢᠶ᠎ᠠ ᠵᠢᠨ ᠨᠡᠭᠦᠳᠡᠯᠴᠢᠨ ᠦᠨᠳᠦᠰᠦᠲᠡᠨ ᠦ ᠲᠡᠦᠬᠡ》 ᠶᠢ ᠪᠤᠰᠤᠳ ᠲᠠᠢ ᠬᠠᠮᠲᠤᠷᠠᠵᠤ ᠣᠷᠴᠢᠭᠤᠯᠪᠠ᠃ ( ᠦᠳ )
Copyight 2016 by nmgmzw.gov.cn All Rights Reserved