ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠣᠳᠤᠪᠢᠯᠢᠭ᠌

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠣᠳᠤᠪᠢᠯᠢᠭ᠌ ( 1922 ~ ) ᠬᠢᠨᠠᠨ ᠣᠷᠴᠢᠭᠤᠯᠤᠭᠴᠢ᠂ ᠥᠪᠦᠷ ᠮᠣᠩᠭᠤᠯ ᠪᠠᠭᠠᠷᠢᠨ ᠬᠣᠰᠢᠭᠤᠨ ᠳᠤ ᠲᠦᠷᠥᠪᠡ᠃ ᠡᠪ ᠬᠠᠮᠲᠤ ᠨᠠᠮ  ᠤᠨ ᠭᠡᠰᠢᠭᠦᠨ᠃ ᠰᠣᠳᠤᠪᠢᠯᠢᠭ᠌ ᠪᠠᠭ᠎ᠠ ᠨᠠᠰ ᠤᠨ ᠳᠠᠭᠠᠨ ᠮᠣᠩᠭᠤᠯ᠂ ᠬᠢᠲᠠᠳ᠂ ᠲᠥᠪᠡᠳ᠂ ᠮᠠᠨᠵᠤ ᠪᠢᠴᠢᠭ ᠰᠤᠷ ᠴᠤ᠌᠂ 1940 ᠣᠨ ᠠᠴᠠ ᠵᠠᠯᠠᠨ ᠠᠢᠯ  ᠤᠨ ᠤᠯᠤᠰ ᠠᠷᠠᠳ  ᠤᠨ ᠳᠡᠭᠡᠳᠦ ᠵᠡᠷᠭᠡ  ᠵᠢᠨ ᠰᠤᠷᠭᠠᠭᠤᠯᠢ᠂ ᠬᠢᠩᠭᠠᠨ ᠤ ᠪᠠᠭᠰᠢ  ᠵᠢᠨ ᠰᠤᠷᠭᠠᠭᠤᠯᠢ ᠳᠤ ᠰᠤᠷᠤᠯᠴᠠᠪᠠ᠃ 1946 ᠣᠨ ᠠᠴᠠ ᠬᠤᠪᠢᠰᠭᠠᠯ ᠤ᠋ᠨ ᠠᠵᠢᠯ ᠳᠤ ᠣᠷᠤᠯᠴᠠᠵᠤ ᠣᠯᠠᠨ ᠲᠦᠮᠡᠨ ᠳᠦ ᠬᠤᠪᠢᠰᠭᠠᠯ ᠤ᠋ᠨ ᠶᠣᠰᠤ ᠤᠴᠢᠷ ᠢ ᠤᠬᠠᠭᠤᠯᠬᠤ ᠠᠵᠢᠯ ᠬᠢᠬᠦ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠳᠡᠭᠡᠳᠦ ᠰᠤᠷᠭᠠᠭᠤᠯᠢ᠂ ᠤᠯᠠᠭᠠᠨᠬᠠᠳᠠ  ᠵᠢᠨ ᠮᠣᠩᠭᠤᠯ ᠳᠤᠮᠳᠠᠳᠤ ᠰᠤᠷᠭᠠᠭᠤᠯᠢ ᠨᠤᠭᠤᠳ    ᠲᠦ᠍ ᠪᠠᠭᠰᠢᠯᠠᠵᠤ ᠪᠠᠢᠵᠠᠢ᠃ 1956 ᠣᠨ ᠠᠴᠠ ᠥᠪᠦᠷ ᠮᠣᠩᠭᠤᠯ ᠤ᠋ᠨ ᠠᠷᠠᠳ  ᠤᠨ ᠬᠡᠪᠯᠡᠯ ᠦᠨ ᠬᠣᠷᠢᠶᠠᠨ ᠤ᠋ ᠰᠤᠷᠬᠤ ᠪᠢᠴᠢᠭ ᠨᠠᠢᠷᠠᠭᠤᠯᠬᠤ ᠲᠠᠰᠤᠭ    ᠲᠦ᠍ ᠰᠢᠯᠵᠢᠵᠦ ᠳᠤᠮᠳᠠᠳᠤ ᠪᠠᠭ᠎ᠠ ᠰᠤᠷᠭᠠᠭᠤᠯᠢ  ᠵᠢᠨ ᠰᠤᠷᠬᠤ ᠪᠢᠴᠢᠭ ᠨᠠᠢᠷᠠᠭᠤᠯᠪᠠ᠃ 1960 ᠣᠨ ᠠᠴᠠ ᠬᠣᠢᠰᠢ 1982 ᠣᠨ ᠳᠤ ᠨᠠᠰ ᠤᠨ ᠤ ᠠᠮᠠᠷᠠᠯᠲᠠ ᠪᠠᠨ ᠠᠪᠬᠤ ᠪᠣᠯᠲᠠᠯ᠎ᠠ᠂ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦᠨ ᠬᠣᠷᠢᠶᠠᠨ ᠳ᠋ᠤ᠌ ᠠᠵᠢᠯᠯᠠᠵᠤ ᠪᠠᠢᠬᠤ ᠳᠠᠭᠠᠨ ᠮᠣᠩᠭᠤᠯ ᠬᠡᠯᠡ ᠪᠢᠴᠢᠭ ᠨᠠᠢᠷᠠᠭᠤᠯᠬᠤ ᠲᠠᠰᠤᠭ  ᠤᠨ ᠳᠡᠳ᠋ ᠡᠷᠬᠢᠯᠡᠭᠴᠢ᠂ ᠡᠷᠬᠢᠯᠡᠭᠴᠢ᠂ ᠬᠡᠪᠯᠡᠯ ᠦᠨ ᠬᠣᠷᠢᠶᠠᠨ ᠤ᠋ ᠳᠡᠳ᠋ ᠶᠡᠷᠦᠩᠬᠡᠶ ᠨᠠᠢᠷᠠᠭᠤᠯᠤᠭᠴᠢ  ᠵᠢᠨ    ᠲᠤᠰᠢᠶᠠᠯ ᠢ ᠬᠠᠷᠢᠭᠤᠴᠠᠵᠤ ᠪᠠᠢᠵᠠᠢ᠃ ᠲᠡᠷᠡ ᠬᠠᠷᠠᠬᠠᠨ ᠪᠠᠭ᠎ᠠ ᠠᠴᠠ ᠪᠠᠨ ᠰᠤᠷᠤᠭᠰᠠᠨ ᠨᠢ ᠬᠡᠳᠦᠨ ᠬᠡᠯᠡ ᠪᠣᠯᠪᠠ ᠴᠤ᠌ ᠪᠠᠢᠩᠭᠤ ᠬᠡᠷᠡᠭᠯᠡᠵᠦ ᠰᠢᠯᠭᠠᠷᠠᠵᠤ ᠭᠠᠷᠤᠭᠰᠠᠨ ᠨᠢ ᠮᠣᠩᠭᠤᠯ ᠬᠢᠲᠠᠳ ᠬᠣᠶᠠᠷ ᠬᠡᠯᠡ ᠪᠣᠯᠤᠨ᠎ᠠ᠂ ᠪᠤᠰᠤᠳ ᠢ ᠨᠢ  ᠴᠤ᠌ ᠭᠡᠳ ᠶᠠᠭ ᠬᠠᠶᠠᠭᠰᠠᠨ ᠪᠢᠰᠢ᠂ ᠮᠠᠲ᠋ᠧᠷᠢᠶᠠᠯ ᠡᠷᠢᠬᠦ ᠪᠤᠶᠤ ᠭᠡᠨᠡᠯᠲᠡ ᠪᠣᠯᠭᠠᠨ ᠬᠡᠷᠡᠭᠯᠡᠬᠦ ᠳᠦ ᠶᠠᠫᠣᠨ᠂ ᠣᠷᠤᠰ᠂ ᠠᠩᠭᠯᠢ ᠬᠡᠯᠡ ᠶᠢ  ᠴᠤ᠌ ᠨᠡᠯᠢᠶᠡᠳ ᠲᠥᠰᠦᠭᠡᠯᠡᠬᠦ ᠪᠢᠯᠡ᠃ ᠰᠣᠳᠤᠪᠢᠯᠢᠭ᠌ ᠰᠤᠷᠬᠤ ᠪᠢᠴᠢᠭ ᠨᠠᠢᠷᠠᠭᠤᠯᠬᠤ ᠠᠵᠢᠯ ᠳᠠᠭᠠᠨ ᠳᠤᠮᠳᠠᠳᠤ ᠪᠠᠭ᠎ᠠ ᠰᠤᠷᠭᠠᠭᠤᠯᠢ  ᠵᠢᠨ ᠬᠡᠯᠡ ᠪᠢᠴᠢᠭ ᠦᠨ ᠠᠩᠬᠠᠨ ᠤ ᠰᠠᠭᠤᠷᠢ ᠳᠡᠭᠡᠷ᠎ᠡ ᠰᠢᠨ᠎ᠡ ᠨᠢᠭᠡᠨ ᠱᠠᠲᠤᠨ ᠳᠤ ᠬᠦᠷᠭᠡᠬᠦ ᠪᠡᠷ ᠮᠡᠷᠡᠢᠵᠦ᠂ 20 ᠳ᠋ᠤᠭᠠᠷ ᠵᠠᠭ ᠤᠨ ᠤ ᠨᠠᠶᠠᠭᠠᠳ ᠣᠨ ᠬᠦᠷᠲᠡᠯ᠎ᠡ ᠳᠤᠮᠳᠠᠳᠤ ᠪᠠᠭ᠎ᠠ ᠰᠤᠷᠭᠠᠭᠤᠯᠢ  ᠵᠢᠨ ᠬᠡᠯᠡ ᠪᠢᠴᠢᠭ ᠬᠢᠭᠡᠳ ᠬᠣᠯᠪᠤᠭᠳᠠᠯ ᠪᠦᠬᠦᠶ ᠮᠠᠲ᠋ᠧᠷᠢᠶᠠᠯ ᠢ ᠨᠡᠯᠢᠶᠡᠳ ᠪᠦᠷᠢᠨ ᠲᠡᠭᠦᠯᠳᠡᠷ᠂ ᠢᠵᠢ ᠪᠦᠷᠢᠳᠦᠭᠰᠡᠨ ᠬᠡᠮᠵᠢᠶᠡᠨ ᠳᠦ ᠬᠦᠷᠭᠡᠵᠡᠢ᠃ ᠰᠣᠳᠤᠪᠢᠯᠢᠭ᠌ ᠬᠡᠳᠦᠨ ᠠᠷᠪᠠᠨ ᠵᠢᠯ ᠦᠨ   ᠲᠦ᠍ᠷᠰᠢ ᠦᠨᠳᠦᠰᠦᠲᠡᠨ ᠦ ᠦᠰᠥᠭ ᠪᠢᠴᠢᠭ ᠢᠶᠡᠷ ᠬᠡᠪᠯᠡᠯ ᠦᠨ ᠠᠵᠢᠯ ᠬᠢᠭᠰᠡᠨ ᠴᠢᠬᠤᠯᠠ ᠨᠢᠭᠡ ᠬᠡᠰᠡᠭ ᠨᠢ ᠣᠷᠴᠢᠭᠤᠯᠭ᠎ᠠ ᠪᠣᠯᠤᠨ᠎ᠠ᠃ ᠲᠡᠷᠡ ᠪᠣᠯ ᠬᠢᠲᠠᠳ ᠰᠣᠶᠤᠯ ᠤ᠋ᠨ ᠣᠬᠢ ᠰᠣᠩᠭᠤᠳᠠᠭ ᠪᠦᠲᠦᠭᠡᠯ ᠢ ᠮᠣᠩᠭᠤᠯ ᠴᠤ᠌ᠳ     ᠲᠦ᠍ ᠲᠠᠨᠢᠯᠴᠠᠭᠤᠯᠤᠭᠰᠠᠨ ᠢᠶᠠᠷ ᠪᠠᠷᠠᠬᠤ ᠦᠬᠡᠶ᠂ ᠬᠢᠲᠠᠳ  ᠤᠨ ᠰᠢᠯᠦᠭ ᠳᠠᠭᠤᠯᠠᠯ ᠢ ᠮᠣᠩᠭᠤᠯ ᠬᠡᠯᠡ ᠳᠡᠭᠡᠷ᠎ᠡ ᠶᠠᠭᠠᠬᠢᠵᠤ ᠣᠷᠴᠢᠭᠤᠯᠬᠤ  ᠲᠤᠰᠭᠠᠢ ᠵᠢᠱ᠌ᠢᠶ᠎ᠡ ᠳᠦᠷᠢᠮ ᠭᠠᠷᠭᠠᠵᠤ ᠥᠭᠭᠦᠭᠰᠡᠨ ᠪᠠᠢᠨ᠎ᠠ᠃ ᠲᠡᠭᠦᠨ ᠦ ᠣᠷᠴᠢᠭᠤᠯᠤᠭᠰᠠᠨ 《ᠲᠠᠩ ᠤᠯᠤᠰ  ᠤᠨ ᠰᠢᠯᠦᠭ ᠭᠤᠷᠪᠠᠨ ᠵᠠᠭ ᠤᠨ ᠪᠠᠳᠠᠭ》᠂ 《ᠰᠦᠩ ᠤᠯᠤᠰ  ᠤᠨ ᠳᠠᠭᠤᠯᠠᠯ ᠵᠠᠭ ᠤᠨ ᠪᠠᠳᠠᠭ》 ᠨᠢ ᠤᠯᠤᠰ  ᠤᠨ ᠳᠣᠲᠤᠭᠠᠳᠤ ᠭᠠᠳᠠᠭᠠ ᠳ᠋ᠡᠬᠢ ᠨᠡᠢᠳᠡᠮ ᠦᠨᠡᠯᠡᠭᠳᠡᠭᠰᠡᠨ ᠣᠬᠢ ᠰᠢᠯᠢᠳᠡᠭ ᠣᠷᠴᠢᠭᠤᠯᠭ᠎ᠠ  ᠵᠢᠨ ᠪᠦᠲᠦᠭᠡᠯ ᠪᠣᠯᠤᠭᠰᠠᠨ ᠶᠤᠮ᠃ 20 ᠳ᠋ᠤᠭᠠᠷ ᠵᠠᠭ ᠤᠨ ᠤ ᠵᠢᠷᠠᠭᠠᠳ ᠣᠨ ᠤ ᠡᠬᠢᠨ ᠢᠶᠡᠷ ᠮᠠᠤ ᠽᠸ ᠳ᠋ᠦᠩ ᠦᠨ ᠰᠢᠯᠦᠭ ᠳᠠᠭᠤᠯᠠᠯ  ᠤᠨ ᠣᠷᠴᠢᠭᠤᠯᠭ᠎ᠠ  ᠵᠢᠨ ᠰᠠᠭᠤᠷᠢ ᠶᠢ ᠲᠠᠯᠪᠢᠭᠴᠢ  ᠵᠢᠨ ᠨᠢᠭᠡ ᠨᠢ ᠰᠣᠳᠤᠪᠢᠯᠢᠭ᠌ ᠪᠠᠢᠭᠰᠠᠨ ᠪᠢᠯᠡ᠃ ᠺᠦᠩᠽᠢ  ᠵᠢᠨ ᠰᠤᠷᠭᠠᠯ  ᠤᠨ ᠰᠣᠩᠭᠤᠳᠠᠭ ᠵᠣᠬᠢᠶᠠᠯ 《ᠳᠥᠷᠪᠡᠨ ᠪᠢᠴᠢᠭ》᠂ ᠭᠦᠸᠸ ᠮᠦᠧᠸ ᠿᠦᠸᠸ  ᠵᠢᠨ 《ᠳᠠᠭᠵᠢᠨᠢ》᠂ 《ᠠᠪᠤᠷᠭᠤ ᠳᠣᠯᠭᠢᠶᠠᠨ ᠤ ᠳᠠᠭᠤᠯᠠᠯ》᠂ ᠸᠧᠨ ᠢ ᠳ᠋ᠦᠧᠸ  ᠵᠢᠨ 《ᠬᠤᠪᠴᠠᠰᠤ ᠤᠬᠢᠶᠠᠭᠴᠢ  ᠵᠢᠨ ᠳᠠᠭᠤᠯᠠᠯ》 ᠢ ᠪᠠᠰᠠ ᠣᠷᠴᠢᠭᠤᠯ ᠤᠨ ᠬᠡᠪᠯᠡᠭᠦᠯᠵᠡᠢ᠃ ᠰᠣᠳᠤᠪᠢᠯᠢᠭ᠌ ᠵᠥᠪᠬᠡᠨ ᠬᠢᠲᠠᠳ ᠢ ᠮᠣᠩᠭᠤᠯᠴᠢᠯᠠᠬᠤ ᠲᠡᠳᠦᠶ ᠪᠢᠰᠢ᠂ ᠪᠤᠰᠤᠳ ᠬᠡᠯᠡᠨ ᠡᠴᠡ ᠣᠷᠴᠢᠭᠤᠯᠬᠤ ᠪᠠ ᠮᠣᠩᠭᠤᠯ ᠢ᠋ ᠬᠢᠲᠠᠳᠴᠢᠯᠠᠬᠤ ᠳᠠᠭᠠᠨ  ᠴᠤ᠌ ᠴᠢᠳᠠᠮᠠᠭᠠᠶ ᠪᠠᠢᠳᠠᠭ᠃ ᠡᠭᠦᠨ ᠳᠦ ᠮᠣᠩᠭᠤᠯ ᠤᠯᠤᠰ  ᠤᠨ 《ᠴᠡᠳᠡᠨᠵᠠᠪ ᠤ᠋ᠨ ᠰᠢᠯᠦᠭ ᠦᠨ ᠰᠣᠩᠭᠤᠮᠠᠯ》᠂ 《 ᠢᠨᠵᠠᠨᠨᠠᠰᠢᠵᠢᠨ ᠠᠬ᠎ᠠ ᠳᠡᠭᠦᠦ ᠨᠡᠷ ᠦᠨ ᠰᠢᠯᠦᠭ ᠦᠨ ᠰᠣᠩᠭᠤᠮᠠᠯ》᠂ 《ᠤᠯᠠᠭᠠᠨ᠎ᠠ ᠤᠬᠢᠯᠠᠬᠤ ᠲᠢᠩᠬᠢᠮ》 ᠵᠡᠷᠭᠡ ᠵᠣᠬᠢᠶᠠᠯ ᠢ ᠬᠢᠳᠡᠦᠴᠢᠯᠡᠨ ᠬᠡᠪᠯᠡᠭᠦᠯᠵᠡᠢ᠃ ᠡᠭᠦᠨ ᠡᠴᠡ ᠭᠠᠳᠠᠨ᠎ᠠ ᠲᠥᠪᠡᠳ ᠬᠡᠯᠡᠨ ᠦ ᠠᠨᠠᠭᠠᠬᠤ ᠤᠬᠠᠭᠠᠨ᠂ ᠱᠠᠰᠢᠨ ᠰᠤᠷᠲᠠᠬ ᠤᠨ ᠤ ᠨᠣᠮ ᠰᠤᠳᠤᠷ ᠠᠴᠠ ᠡᠳᠦᠶ ᠲᠡᠳᠦᠶ ᠵᠦᠢᠯ ᠦᠳ ᠢ ᠣᠷᠴᠢᠭᠤᠯ ᠤᠨ ᠠᠰᠢᠭᠯᠠᠵᠤ ᠪᠠᠢᠭᠰᠠᠨ ᠪᠥᠭᠡᠳ 《 ᠱᠠᠰᠢᠨ ᠤ ᠲᠣᠯᠢ》 ᠪᠠ 《ᠮᠣᠩᠭᠤᠯ ᠬᠢᠲᠠᠳ ᠲᠥᠪᠡᠳ ᠬᠠᠷᠢᠴᠠᠭᠤᠯᠤᠭᠰᠠᠨ ᠡᠮ ᠦᠨ ᠨᠡᠷᠡᠰ》 ᠵᠢᠴᠢ ᠲᠦᠷᠥ  ᠵᠢᠨ ᠱᠠᠩᠨᠠᠯ ᠬᠦᠷᠲᠡᠭᠰᠡᠨ 《ᠡᠮᠲᠦ ᠠᠮᠢᠲᠠᠨ》 ᠵᠡᠷᠭᠡ ᠨᠥᠯᠦᠭᠡ ᠶᠡᠬᠡ ᠲᠡᠢ ᠪᠦᠲᠦᠭᠡᠯ ᠦᠳ ᠢᠶᠡᠨ ᠪᠢᠴᠢᠬᠦ ᠪᠠ 《ᠮᠣᠩᠭᠤᠯ ᠠᠨᠠᠭᠠᠬᠤ ᠤᠬᠠᠭᠠᠨ ᠤ ᠲᠣᠪᠴᠢ ᠲᠡᠦᠬᠡ》 ᠶᠢ ᠬᠢᠲᠠᠳᠴᠢᠯᠠᠬᠤ ᠳᠤ ᠣᠷᠣᠯᠴᠠᠵᠠᠶ᠃ ᠲᠡᠷᠡ ᠪᠠᠰᠠ ᠡᠷᠳᠡᠨᠢ    ᠲᠣᠭᠲᠠᠬᠤ   ᠵᠢᠨ ᠬᠠᠮᠲᠤ ᠢᠨᠵᠠᠨᠨᠠᠰᠢᠵᠢᠨ  ᠲᠤᠰᠭᠠᠢ ᠰᠤᠳᠤᠯᠭᠠᠨ ᠬᠢᠵᠦ ᠬᠡᠲᠦ ᠬᠡᠳᠦᠨ ᠥᠭᠦᠯᠡᠯ ᠨᠠᠢᠳᠠᠯᠠᠵᠤ ᠢᠨᠵᠠᠨᠨᠠᠰᠢᠵᠢᠨ ᠰᠤᠳᠤᠯᠭᠠᠨ ᠳᠤ ᠰᠠᠭᠤᠷᠢ ᠲᠠᠯᠪᠢᠬᠤ ᠠᠵᠢᠯ ᠢ ᠬᠢᠵᠠᠶ᠃