ᠨᠡᠷ᠎ᠡ:
ᠰᠣᠨᠢᠨᠪᠠᠶᠠᠷ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠰᠣᠨᠢᠨᠪᠠᠶᠠᠷ ( 1924—— ) 《ᠦᠢᠯᠡᠳᠪᠦᠷᠢᠯᠡᠯ ᠦᠨ ᠰᠣᠨᠢᠨ》 ᠢ ᠡᠭᠦᠰᠭᠡᠭᠰᠡᠨ ᠭᠣᠣᠯ ᠨᠠᠢᠷᠠᠭᠤᠯᠤᠭᠴᠢ᠃ ᠥᠪᠦᠷ ᠮᠣᠩᠭᠤᠯ ᠤ᠋ᠨ ᠴᠠᠬᠠᠷ ᠠᠢᠮᠠᠭ ᠤᠨ ᠮᠢᠩᠭᠠᠨ ᠬᠣᠰᠢᠭᠤᠨ ᠳᠤ ᠲᠥᠷᠦᠵᠡᠢ᠃ 1940 ᠣᠨ ᠳᠤ ᠵᠠᠩᠪᠧᠶ ᠳᠤᠮᠳᠠᠳᠤ ᠰᠤᠷᠭᠠᠭᠤᠯᠢ ᠲᠡᠭᠦᠰᠭᠡᠨ᠂ 1944 ᠣᠨ ᠳᠤ ᠴᠢᠭᠤᠯᠤᠯ ᠲᠦ᠍ ᠬᠠᠭᠠᠯᠭ᠎ᠠ ᠬᠣᠲᠠ ᠵᠢᠨ ᠳᠡᠭᠡᠳᠦ ᠰᠤᠷᠭᠠᠭᠤᠯᠢ ᠲᠡᠭᠦᠰᠭᠡᠵᠦ᠂ 1945 ᠣᠨ ᠳᠤ ᠮᠢᠩᠭᠠᠨ ᠬᠣᠰᠢᠭᠤ ᠵᠢᠨ ᠪᠠᠭ᠎ᠠ ᠰᠤᠷᠭᠠᠭᠤᠯᠢ ᠳᠤ ᠪᠠᠭᠰᠢᠯᠠᠪᠠ᠃ 1946 ᠣᠨ ᠤ 1 ᠰᠠᠷ᠎ᠠ ᠳᠤ ᠬᠤᠪᠢᠰᠭᠠᠯ ᠤ᠋ᠨ ᠠᠵᠢᠯ ᠳᠤ ᠣᠷᠤᠵᠤ᠂ ] 948 ᠣᠨ ᠤ 9 ᠰᠠᠷ᠎ᠠ ᠳᠤ ᠴᠠᠭᠠᠨ ᠠᠭᠤᠯᠠ ᠰᠦᠮ᠎ᠡ ᠳᠦ ᠴᠠᠬᠠᠷ ᠠᠢᠮᠠᠭ ᠤᠨ 《ᠦᠢᠯᠡᠳᠪᠦᠷᠢᠯᠡᠯ ᠦᠨ ᠰᠣᠨᠢᠨ》 ᠢ ᠡᠭᠦᠰᠭᠡᠨ ᠡᠷᠬᠢᠯᠡᠵᠡᠢ᠃ 1950 ᠣᠨ ᠤ ᠡᠬᠢᠨ ᠡᠴᠡ 1953 ᠣᠨ ᠤ ᠡ ᠴᠤ᠌ᠰ ᠬᠦᠷᠲᠡᠯ᠎ᠡ ᠮᠢᠩᠭᠠᠨ ᠲᠠᠢᠫᠦᠰᠧ ᠬᠣᠯᠪᠤᠭᠠᠨ ᠲᠦ᠍ ᠬᠣᠰᠢᠭᠤᠨ ᠤ ᠳᠠᠷᠤᠭ᠎ᠠ ᠵᠢᠨ ᠲᠤᠰᠢᠶᠠᠯ ᠳᠤ ᠭᠠᠷ ᠴᠤ᠌᠂ 1954—— 1956 ᠣᠨ ᠤ ᠬᠣᠭᠤᠷᠤᠨᠳᠤ ᠴᠠᠬᠠᠷ ᠠᠢᠮᠠᠭ ᠤᠨ ᠵᠠᠬᠢᠷᠭᠠᠨ ᠤ ᠨᠠᠷᠢᠨ ᠪᠢᠴᠢᠭ ᠦᠨ ᠳᠠᠷᠤᠭ᠎ᠠ ᠪᠣᠯᠵᠤ᠂ 1966 ᠣᠨ ᠤ ᠡᠪᠦᠯ ᠥᠪᠦᠷ ᠮᠣᠩᠭᠤᠯ ᠤ᠋ᠨ ᠡᠳᠦᠷ ᠦᠨ ᠰᠣᠨᠢᠨ ᠳᠤ ᠠᠵᠢᠯ ᠰᠢᠯᠵᠢᠨ ᠢᠷᠠᠵᠤ᠂ ᠤᠷᠢᠳ ᠬᠣᠵᠢᠳ ᠮᠣᠩᠭᠤᠯ ᠰᠣᠨᠢᠨ ᠤ ᠠᠵᠤ ᠠᠬᠤᠶ ᠵᠢᠨ ᠬᠡᠯᠲᠡᠰ ᠦᠨ ᠡᠷᠬᠢᠯᠡᠭᠴᠢ᠂ ᠰᠣᠶᠤᠯ ᠰᠤᠷᠭᠠᠨ ᠬᠥᠮᠦᠵᠢᠯ ᠦ᠋ᠨ ᠬᠡᠯᠲᠡᠰ ᠦᠨ ᠡᠷᠬᠢᠯᠡᠭᠴᠢ ᠵᠡᠷᠭᠡ ᠲᠤᠰᠢᠶᠠᠯ ᠳᠤ ᠪᠠᠢᠪᠠ᠃ 1965 ᠣᠨ ᠳᠤ ᠥᠪᠦᠷ ᠮᠣᠩᠭᠤᠯ ᠤ᠋ᠨ ᠷᠠᠳᠢᠣ᠋ ᠬᠣᠷᠢᠶᠠᠨ ᠤ᠋ ᠨᠠᠮ ᠤᠨ ᠤᠳᠤᠷᠢᠳᠬᠤ ᠳᠡᠳ᠋ ᠭᠡᠰᠢᠭᠦᠨ᠂ ᠮᠣᠩᠭᠤᠯ ᠨᠠᠢᠷᠠᠭᠤᠯᠬᠤ ᠬᠡᠯᠲᠡᠰ ᠦᠨ ᠡᠷᠬᠢᠯᠡᠭᠴᠢ ᠪᠣᠯᠵᠠᠢ᠃ 1973 ᠣᠨ ᠳᠤ ᠶᠡᠷᠦᠩᠬᠡᠶ ᠨᠠᠢᠷᠠᠭᠤᠯᠬᠤ ᠬᠡᠷ ᠦᠨ ᠳᠡᠳ᠋ ᠡᠷᠬᠢᠯᠡᠭᠴᠢ᠂ ᠳᠠᠷᠠᠭ᠎ᠠ ᠨᠢ ᠥᠪᠦᠷ ᠮᠣᠩᠭᠤᠯ ᠤ᠋ᠨ ᠷᠠᠳᠢᠣ᠋ ᠲᠧᠯᠸᠢᠰ ᠲᠣᠪᠴᠢᠶᠠᠨ ᠤ ᠳᠡᠳ᠋ ᠳᠠᠷᠤᠭ᠎ᠠ ᠵᠢᠨ ᠲᠤᠰᠢᠶᠠᠯ ᠳᠤ ᠪᠠᠢᠵᠤ᠂ 1987 ᠣᠨ ᠳᠤ ᠠᠮᠠᠷᠠᠯᠲᠠ ᠳᠠᠭᠠᠨ ᠭᠠᠷᠪᠠ᠃ 《ᠦᠢᠯᠡᠳᠪᠦᠷᠢᠯᠡᠯ ᠦᠨ ᠰᠣᠨᠢᠨ》 ᠢ ᠡᠭᠦᠰᠭᠡᠨ ᠡᠷᠬᠢᠯᠡᠬᠦ ᠳᠡᠭᠡᠨ ᠭᠠᠭᠴᠠᠭᠠᠷ ᠠᠵᠢᠯᠯᠠᠵᠤ ᠪᠠᠢᠪᠠ᠃ ᠲᠤᠰ ᠰᠣᠨᠢᠨ ᠲᠦ᠍ᠰ ᠤᠨ ᠳᠠᠷᠤᠮᠠᠯ ᠤᠨ ᠰᠣᠨᠢᠨ ᠪ ᠣᠯᠠᠨᠣᠷ ᠡᠬᠡ ᠪᠢᠴᠢᠭ ᠰᠣᠩᠭᠤᠬᠤ᠂ ᠨᠠᠢᠷᠠᠭᠤᠯᠬᠤ᠂ ᠯᠠᠪᠢᠷ ᠢᠶᠠᠷ ᠪᠢᠴᠢᠬᠦ᠂ ᠳᠠᠷᠤᠮᠠᠯᠯᠠᠬᠤ᠂ ᠲᠠᠷᠬᠠᠭᠠᠬᠤ ᠪᠦᠬᠥ ᠠᠵᠢᠯ ᠢ ᠭᠠᠭᠴᠠᠭᠠᠷ ᠨᠢᠭᠡ ᠱᠤᠭᠤᠮ ᠳᠡᠭᠡᠷ᠎ᠡ ᠭᠦᠢᠴᠡᠳᠭᠡᠵᠦ ᠪᠠᠢᠪᠠ᠃ ᠬᠠᠭᠠᠰ ᠵᠢᠯ ᠦᠨ ᠳᠠᠷᠠᠭ᠎ᠠ ᠨᠢᠭᠡ ᠬᠥᠮᠦᠨ ᠨᠡᠮᠡᠭᠰᠡᠨ ᠪᠣᠯᠪᠠ ᠴᠤ᠌ ᠤᠳᠠᠭᠰᠠᠨ ᠦᠬᠡᠶ ᠠᠵᠢᠯ ᠰᠢᠯᠵᠢᠵᠦ᠂ 1949 ᠣᠨ ᠤ 6 ᠰᠠᠷ᠎ᠠ ᠳᠤ ᠳᠠᠬᠵᠢᠨ ᠬᠥᠮᠦᠨ ᠲᠣᠬᠢᠷᠠᠭᠤᠯᠲᠠᠯᠠ ᠮᠥᠨ ᠭᠠᠭᠴᠠᠭᠠᠷ ᠠᠵᠢᠯᠯᠠᠵᠤ᠂ ᠰᠣᠨᠢᠨ ᠢᠶᠠᠷ ᠳᠠᠮᠵᠵᠢᠨ ᠲᠤᠰᠭᠠᠢ ᠵᠢᠨ ᠦᠶ᠎ᠡ ᠵᠢᠨ ᠴᠢᠯᠥᠭᠡᠯᠡᠬᠦ ᠳᠠᠵᠢᠨ ᠤ᠋ ᠢᠯᠠᠯᠲᠠ ᠵᠢᠨ ᠲᠤᠰᠭᠠᠢ ᠮᠡᠳᠡᠭᠡ᠂ ᠦᠢᠯᠡᠳᠪᠦᠷᠢᠯᠡᠯ ᠢᠶᠡᠨ ᠬᠦᠭᠵᠢᠭᠦᠯᠵᠦ ᠡᠮᠦᠨ᠎ᠡ ᠹᠷᠣᠨᠲ ᠢ ᠲᠦ᠍ᠰᠠᠯᠠᠵᠤ ᠪᠠᠢᠭ᠎ᠠ ᠮᠡᠳᠡᠭᠡ᠂ ᠮᠠᠯᠵᠢᠬᠤ ᠣᠷᠤᠨ ᠳ᠋ᠤ᠌ 《ᠬᠤᠪᠢᠶᠠᠬᠤ ᠦᠬᠡᠶ᠂ ᠲᠡᠮᠡᠴᠡᠬᠦ ᠦᠬᠡᠶ᠂ ᠠᠩᠭᠢ ᠢᠯᠭᠠᠬᠤ ᠦᠬᠡᠶ᠂ ᠮᠠᠯᠴᠢᠨ ᠪᠠ ᠮᠠᠯ ᠤᠨ ᠡᠵᠡᠨ ᠬᠣᠶᠠᠷ ᠲᠦ᠍ ᠠᠰᠢᠭᠲᠠᠶ》 ᠲᠦᠷᠥ ᠵᠢᠨ ᠪᠣᠳᠤᠯᠭ᠎ᠠ ᠵᠢᠴᠢ ᠮᠤᠬᠤᠷ ᠪᠢᠰᠢᠷᠡᠯ ᠢ ᠠᠷᠢᠯᠭᠠᠵᠤ᠂ ᠦᠵᠡᠯ ᠰᠠᠨᠠᠭ᠎ᠠ ᠪᠠᠨ ᠴᠢᠯᠥᠭᠡᠯᠡᠬᠦ ᠲᠤᠰᠭᠠᠢ ᠰᠤᠷᠲᠠᠯᠴᠢᠯᠠᠵᠤ ᠪᠠᠢᠯ᠎ᠠ᠃ ᠥᠪᠦᠷ ᠮᠣᠩᠭᠤᠯ ᠤ᠋ᠨ ᠡᠳᠦᠷ ᠦᠨ ᠰᠣᠨᠢᠨ ᠳᠤ ᠪᠠᠢᠬᠤ ᠳᠠᠭᠠᠨ ᠭᠣᠣᠯᠳᠠᠭᠤ ᠠᠵᠤ ᠠᠬᠤᠶ ᠪᠠ ᠰᠣᠶᠤᠯ ᠰᠤᠷᠭᠠᠨ ᠬᠥᠮᠦᠵᠢᠯ ᠦ᠋ᠨ ᠲᠤᠰᠭᠠᠢ ᠡᠬᠡ ᠪᠢᠴᠢᠭ ᠢ ᠵᠣᠬᠢᠶᠠᠨ ᠪᠠᠢᠭᠤᠯᠬᠤ᠂ ᠬᠢᠨᠠᠬᠤ ᠠᠵᠢᠯ ᠳᠤ ᠣᠷᠤᠯᠴᠠᠬᠤ ᠵᠢᠨ ᠬᠠᠮᠲᠤ ᠨᠠᠢᠷᠠᠭᠤᠯᠬᠤ ᠬᠡᠯᠲᠡᠰ ᠦᠨ ᠦᠵᠡᠯ ᠰᠠᠨᠠᠭ᠎ᠠ ᠵᠢᠨ ᠠᠵᠢᠯ ᠢ ᠬᠠᠷᠢᠭᠤᠴᠠᠨ ᠬᠢᠵᠦ ᠪᠠᠢᠵᠠᠢ᠃ 20 ᠳ᠋ᠤᠭᠠᠷ ᠵᠠᠭ ᠤᠨ ᠤ ᠳᠠᠯᠠᠭᠠᠳ ᠣᠨ ᠠᠴᠠ ᠬᠣᠢᠰᠢ ᠮᠣᠩᠭᠤᠯ ᠷᠠᠳᠢᠣ᠋ ᠨᠡᠪᠲᠡᠷᠡᠭᠦᠯᠭᠡ ᠵᠢᠨ ᠮᠡᠳᠡᠭᠡᠯᠡᠬᠦ ᠭᠣᠣᠯᠳᠠᠯᠭ᠎ᠠ ᠶᠢ ᠲᠣᠭᠲᠠᠭᠠᠬᠤ᠂ ᠬᠣᠷᠢᠶᠠᠨ ᠤ᠋ ᠥᠭᠦᠯᠡᠯ᠂ ᠴᠢᠬᠤᠯᠠ ᠨᠡᠪᠲᠡᠷᠡᠭᠦᠯᠭᠡ ᠵᠢᠨ ᠡᠬᠡ ᠪᠢᠴᠢᠭ ᠢ ᠬᠢᠨᠠᠬᠤ᠂ ᠲᠥᠪ ᠬᠣᠷᠢᠶᠠᠨ ᠤ᠋ ᠴᠢᠬᠤᠯᠠ ᠥᠭᠦᠯᠡᠯ ᠦ᠋ᠨ ᠣᠷᠴᠢᠭᠤᠯᠭ᠎ᠠ ᠶᠢ ᠬᠢᠨᠠᠬᠤ ᠵᠢᠴᠢ ᠮᠣᠩᠭᠤᠯ ᠨᠡᠪᠲᠡᠷᠡᠭᠦᠯᠭᠡ ᠵᠢᠨ ᠣᠲ᠋ᠷᠢᠶᠠᠳ᠋ ᠢ᠋ ᠥᠷᠭᠡᠳᠭᠡᠨ ᠪᠡᠬᠢᠵᠢᠭᠦᠯᠬᠦ᠂ ᠨᠡᠪᠲᠡᠷᠡᠭᠦᠯᠭᠡ ᠵᠢᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠵᠡᠷᠭᠡ ᠠᠵᠢᠯ ᠢ ᠠᠳᠭᠤᠵᠤ ᠪᠠᠢᠪᠠ᠃
Copyight 2016 by nmgmzw.gov.cn All Rights Reserved