ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠢᠷᠠᠪᠳᠣᠷᠵᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠢᠷᠠᠪᠳᠣᠷᠵᠢ᠂ ( 1935—— ) ᠰᠡᠳᠭᠦᠯᠴᠢ᠃ ᠮᠣᠩᠭᠤᠯ ᠤᠯᠤᠰ  ᠤᠨ ᠪᠤᠯᠠᠭᠠᠨ ᠠᠢᠮᠠᠭ  ᠤᠨ ᠪᠠᠶᠠᠨᠬᠠᠳᠠ ᠰᠤᠮᠤ  ᠵᠢᠨ ᠨᠤᠲᠤᠭ    ᠲᠦ᠍ ᠲᠥᠷᠦᠵᠡᠢ᠃ 1965 ᠣᠨ ᠳᠤ ᠮᠣᠩᠭᠤᠯ ᠤᠯᠤᠰ  ᠤᠨ ᠪᠠᠭᠰᠢ  ᠵᠢᠨ ᠶᠡᠬᠡ ᠰᠤᠷᠭᠠᠭᠤᠯᠢ ᠲᠡᠭᠦᠰᠭᠡᠵᠦ᠂ ᠭᠡᠭᠡᠷᠡᠯ ᠦᠨ ᠵᠠᠮ ᠤᠨ ᠤ 《ᠰᠤᠷᠭᠠᠨ ᠬᠥᠮᠦᠵᠢᠭᠦᠯᠦᠭᠴᠢ》 ᠰᠡᠳᠭᠦᠯ ᠳ᠋ᠦ᠍ ᠨᠠᠷᠢᠨ ᠪᠢᠴᠢᠭ ᠦᠨ ᠳᠠᠷᠤᠭ᠎ᠠ ᠪᠠᠢᠪᠠ᠃ 1967 ᠣᠨ ᠠᠴᠠ ᠡᠬᠢᠯᠡᠨ ᠮᠣᠩᠭᠤᠯ ᠤᠯᠤᠰ  ᠤᠨ ᠲᠧᠯᠸᠢᠰ ᠢ ᠠᠩᠬ᠎ᠠ ᠡᠭᠦᠰᠭᠡᠨ ᠪᠠᠢᠭᠤᠯᠬᠤ ᠳᠤ ᠣᠷᠤᠯᠴᠠᠵᠤ᠂ ᠬᠠᠷᠢᠭᠤᠴᠠᠯᠭᠠ   ᠲᠦ᠍ ᠷᠸᠳᠠᠺᠲ᠋ᠤᠷ ᠢᠶᠠᠷ ᠠᠵᠢᠯᠯᠠᠵᠤ᠂ 1984 ᠣᠨ ᠠᠴᠠ ᠮᠣᠩᠭᠤᠯ ᠤᠯᠤᠰ  ᠤᠨ ᠷᠠᠳᠢᠣ᠋ ᠲᠧᠯᠸᠢᠰ ᠬᠣᠷᠢᠶᠠᠨ ᠤ᠋ ᠵᠠᠬᠢᠷᠭᠠᠨ ᠳᠤ ᠬᠢᠨᠠᠯᠲᠠ ᠰᠢᠯᠭᠠᠯᠲᠠ ᠡᠷᠬᠢᠯᠡᠭᠰᠡᠨ ᠲᠦᠰᠢᠮᠡᠯ ᠦᠨ ᠠᠯᠪᠠ ᠬᠢᠵᠠᠶ᠃ 1996 ᠣᠨ ᠳᠤ ᠮᠣᠩᠭᠤᠯ ᠤ᠋ᠨ ᠷᠠᠳᠢᠣ᠋ ᠲᠧᠯᠸᠢᠰ ᠦᠨ ᠳᠡᠭᠡᠳᠦ ᠰᠤᠷᠭᠠᠭᠤᠯᠢ ᠳᠤ ᠪᠠᠭᠰᠢᠯᠠᠬᠤ ᠪᠣᠯᠪᠠ᠃ ᠮᠣᠩᠭᠤᠯ ᠲᠧᠯᠸᠢᠰ ᠦᠨ ᠫᠷᠣᠭ᠌ᠷᠠᠮ ᠦᠨ ᠴᠢᠨᠠᠷ ᠢ ᠳᠡᠭᠡᠭᠰᠢᠯᠡᠭᠦᠯᠬᠦ᠂ ᠰᠦᠯᠵᠢᠶ᠎ᠡ ᠶᠢ ᠵᠣᠬᠢᠶᠠᠨ ᠪᠠᠢᠭᠤᠯᠬᠤ ᠳᠤ ᠲᠡᠷᠡ ᠢᠳᠡᠪᠬᠢ ᠵᠢᠳᠭᠦᠯ ᠦᠵᠡᠭᠦᠯᠵᠡᠢ᠃ 《ᠵᠠᠯᠠᠭᠤ ᠴᠤ᠌ᠳ  ᠤᠨ ᠰᠫᠣᠷᠲ》 ᠠᠩᠬᠠᠨ ᠤ ᠨᠡᠪᠲᠡᠷᠡᠭᠦᠯᠭᠡ  ᠵᠢᠨ ᠬᠠᠷᠢᠭᠤᠴᠠᠯᠭᠠ   ᠲᠦ᠍ ᠷᠸᠳᠠᠺᠲ᠋ᠤᠷ ᠪᠠᠢᠬᠤ ᠳᠠᠭᠠᠨ 《ᠠᠪᠬᠠᠯᠵᠢ ᠰᠡᠷᠡᠭᠦᠯᠡᠭᠴᠢᠳ ᠦᠨ ᠺᠯᠥᠪ》᠂ 《ᠲᠠᠮᠤᠯᠠᠯ》᠂ 《ᠬᠥᠪᠡᠭᠦᠳ》᠂ 《ᠪᠦᠰᠡᠭᠦᠢ ᠴᠤ᠌ᠦᠯ》᠂ 《ᠦᠶ᠎ᠡ ᠲᠠᠩ  ᠤᠨ ᠬᠵᠢᠨ》᠂ 《ᠠᠷᠪᠠᠨ ᠨᠠᠢᠮᠠ  ᠵᠢᠨ ᠺᠯᠥᠪ》 ᠵᠡᠷᠭᠡ ᠰᠣᠨᠢᠷᠬᠠᠯᠲᠠᠶ ᠲᠧᠯᠸᠢᠰ ᠪᠤᠯᠤᠩ ᠰᠠᠨᠠᠭᠠᠴᠢᠯᠠᠨ ᠡᠷᠬᠢᠯᠡᠵᠦ᠂ ᠪᠡᠶ᠎ᠡ ᠲᠠᠮᠢᠷ    ᠲᠦ᠍ ᠳᠤᠷᠠᠲᠠᠶ ᠦᠵᠡᠭᠴᠢᠳ ᠦᠨ ᠠᠩᠬᠠᠷᠤᠯ ᠢ ᠬᠦ ᠴᠤ᠌ᠲᠡᠶ ᠲᠠᠲᠠᠭᠰᠠᠨ ᠪᠠᠢᠨ᠎ᠠ᠃ ᠲᠡᠷᠡ ᠪᠠᠰᠠ 《 ᠮᠢᠨᠤ ᠷᠠᠳᠢᠣ᠋》᠂ 《ᠮᠣᠩᠭᠤᠯ ᠤ᠋ᠨ ᠷᠠᠳᠢᠣ᠋ ᠲᠡᠦᠬᠡᠨ ᠵᠠᠮᠨᠠᠯ  ᠤᠨ ᠲᠣᠪᠴᠢ ᠬᠤᠸᠠᠩᠯᠢ》 ᠭᠡᠬᠦ ᠨᠣᠮ ᠲᠣᠪᠬᠢᠮᠠᠯ ᠪᠢᠴᠢᠵᠦ ᠬᠡᠪᠯᠡᠭᠦᠯᠦᠭᠰᠡᠨ ᠪᠥᠭᠡᠳ 《ᠵᠢᠷᠤᠭ   ᠲᠦ᠍ ᠵᠤᠯᠠ  ᠵᠢᠨ ᠬᠣᠢᠮᠤᠷ     ᠲᠦ᠍ ᠵᠠᠯᠠᠷᠠᠭᠰᠠᠨ ᠨᠢ》 ᠭᠡᠬᠦ ᠨᠣᠮ ᠳᠤ 《ᠮᠣᠩᠭᠤᠯ ᠵᠢᠷᠤᠭ   ᠲᠦ᠍ ᠷᠠᠳᠢᠣ᠋ ᠲᠡᠦᠬᠡ  ᠵᠢᠨ ᠬᠤᠷᠢᠶᠠᠩᠭᠤᠶ》 ᠪᠠ 《ᠪᠡᠶ᠎ᠡ ᠰᠡᠳᠭᠢᠯ ᠢ᠋ᠶ᠋ᠡᠷ ᠢ᠋ᠶ᠋ᠡᠨ ᠦᠷᠭᠦᠯᠵᠢ ᠬᠠᠮᠲᠤ》 ᠬᠡᠮᠡᠬᠦ ᠵᠣᠬᠢᠶᠠᠯ ᠪᠢᠴᠢᠵᠦ᠂ ᠲᠤᠰ ᠨᠣᠮ  ᠤᠨ ᠨᠣᠶᠠᠨ ᠨᠢᠷᠤᠭᠤ ᠶᠢ ᠪᠣᠰᠬᠠᠵᠠᠶ᠃ ᠡᠨᠡ ᠪᠦᠬᠦᠶ ᠠᠮᠵᠢᠯᠲᠠ ᠪᠠᠷ ᠢᠶᠠᠨ ᠮᠣᠩᠭᠤᠯ ᠤᠯᠤᠰ  ᠤᠨ ᠷᠠᠳᠢᠣ᠋ ᠲᠧᠯᠸᠢᠰ ᠦᠨ ᠲᠡᠷᠢᠭᠦᠨ ᠦ ᠠᠵᠢᠯᠲᠠᠨ᠂ ᠠᠷᠠᠳ  ᠤᠨ ᠭᠡᠭᠡᠷᠡᠯ ᠦᠨ ᠲᠡᠷᠢᠭᠦᠨ ᠦ ᠠᠵᠢᠯᠲᠠᠨ ᠪᠣᠯᠵᠤ ᠱᠠᠩᠨᠠᠯ ᠬᠦᠷᠲᠡᠪᠡ᠃ ( ?? . ᠭᠠᠩᠪᠠᠭᠠ   ᠲᠦ᠍ᠷ )