ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠢᠤᠶ ᠹᠦ᠋ ᠳ᠋ᠦᠧᠸ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠢᠤᠶ ᠹᠦ᠋ ᠳ᠋ᠦᠧᠸ ( 1943~ ) ᠳᠡᠭᠡᠳᠦ ᠵᠡᠷᠭᠡ  ᠵᠢᠨ ᠨᠠᠢᠷᠠᠭᠤᠯᠤᠭᠴᠢ᠃ ᠥᠪᠦᠷ ᠮᠣᠩᠭᠤᠯ ᠤ᠋ᠨ ᠬᠠᠷᠠᠴᠢᠨ ᠬᠣᠰᠢᠭᠤᠨ ᠤ ᠬᠥᠮᠦᠨ᠃ ᠳᠤᠮᠳᠠᠳᠤ ᠤᠯᠤᠰ  ᠤᠨ ᠡᠪ ᠬᠠᠮᠲᠤ ᠨᠠᠮ  ᠤᠨ ᠭᠡᠰᠢᠭᠦᠨ᠃ ᠶᠡᠬᠡ ᠰᠤᠷᠭᠠᠭᠤᠯᠢ  ᠵᠢᠨ    ᠲᠤᠰᠭᠠᠢ ᠮᠡᠷᠭᠡᠵᠢᠯ ᠦᠨ ᠰᠤᠷᠤᠯᠭ᠎ᠠ  ᠵᠢᠨ ᠨᠠᠮᠲᠠᠷ ᠲᠠᠢ᠃ 1968 ᠣᠨ ᠳᠤ 《ᠲᠦᠩᠯᠢᠶᠦᠦ  ᠵᠢᠨ ᠡᠳᠦᠷ ᠦᠨ ᠰᠣᠨᠢᠨ》 《ᠤᠤᠯ  ᠤᠨ 《ᠵᠢᠷᠢᠮ ᠦᠨ ᠰᠣᠨᠢᠨ》 ) ᠤ ᠬᠣᠷᠢᠶ᠎ᠠ ᠳᠤ ᠠᠵᠢᠯ ᠰᠢᠯᠵᠢᠨ ᠢᠷᠡᠭᠰᠡᠨ ᠡᠴᠡ ᠬᠣᠢᠰᠢᠬᠢ ᠭᠤᠴᠢᠭᠠᠳ ᠵᠢᠯ ᠦᠨ ᠬᠤᠭᠤᠴᠠᠭᠠᠨ ᠳᠤ ᠨᠠᠢᠷᠠᠭᠤᠯᠤᠭᠴᠢ᠂ ᠶᠡᠷᠦᠩᠬᠡᠶ ᠨᠠᠢᠷᠠᠭᠤᠯᠤᠭᠴᠢ  ᠵᠢᠨ ᠠᠯᠪᠠᠨ ᠬᠡᠷ ᠦᠨ ᠳᠡᠳ᠋ ᠡᠷᠬᠢᠯᠡᠭᠴᠢ᠂ ᠰᠤᠷᠪᠤᠯᠵᠢᠯᠠᠭᠴᠢᠳ  ᠤᠨ ᠬᠡᠯᠲᠡᠰ ᠦᠨ ᠳᠡᠳ᠋ ᠡᠷᠬᠢᠯᠡᠭᠴᠢ᠂ ᠰᠣᠨᠢᠨ ᠮᠡᠳᠡᠭᠡ ᠰᠤᠳᠤᠯᠬᠤ ᠲᠠᠰᠤᠭ  ᠤᠨ ᠡᠷᠬᠢᠯᠡᠭᠴᠢ᠂ ᠳᠡᠳ᠋ ᠶᠡᠷᠦᠩᠬᠡᠶ ᠨᠠᠢᠷᠠᠭᠤᠯᠤᠭᠴᠢ᠂   ᠲᠦ᠍ᠰᠠᠯᠠᠭᠴᠢ ᠪᠠᠢᠴᠠᠭᠠᠨ ᠰᠤᠳᠤᠯᠤᠭᠴᠢ ᠵᠡᠷᠭᠡ    ᠲᠤᠰᠢᠶᠠᠯ ᠢ ᠤᠷᠢᠳ ᠬᠣᠵᠢᠳ ᠬᠠᠷᠢᠭᠤᠴᠠᠪᠠ᠃ ᠬᠦᠨᠳᠦ ᠴᠢᠬᠤᠯᠠ ᠨᠡᠢᠲᠡᠯᠢᠭ ᠵᠢᠰ᠌ᠢᠶᠡᠨ ᠦ ᠮᠡᠳᠡᠭᠡᠯᠡᠯ ᠪᠠ ᠮᠡᠳᠡᠭᠡᠯᠡᠯ ᠦᠨ ᠤᠷᠠᠨ ᠵᠣᠬᠢᠶᠠᠯ ᠢ ᠰᠤᠷᠪᠤᠯᠵᠢᠯᠠᠨ ᠪᠢᠴᠢᠬᠦ ᠳᠡᠭᠡᠨ ᠴᠢᠳᠠᠮᠠᠭᠠᠶ᠂ 《ᠲᠡᠭᠦᠨ ᠦ ᠳᠤᠮᠳᠠᠳᠤ  ᠵᠢᠨ ᠰᠡᠳᠭᠢᠯ》᠂ 《ᠬᠠᠩᠭᠠᠶ ᠲᠡᠷᠭᠡ ᠲᠡᠢ ᠴᠡᠷᠢᠭ ᠡᠷ᠎ᠡ》᠂ 《ᠨᠢᠤ ᠯᠠᠩ ᠣᠳᠣᠨ》᠂ 《ᠬᠦᠯ ᠦᠨ ᠮᠥᠷ ᠢ᠋ᠶ᠋ᠡᠷ ᠨᠣᠲ᠋ᠯᠠᠭᠰᠠᠨ ᠠᠶᠠᠰ》 . . . . ᠵᠡᠷᠭᠡ ᠨᠥᠯᠦᠭᠡ ᠶᠡᠬᠡᠲᠡᠢ ᠣᠯᠠᠨ ᠪᠦᠲᠦᠭᠡᠯ ᠨᠢ 《ᠠᠷᠠᠳ  ᠤᠨ ᠡᠳᠦᠷ ᠦᠨ ᠰᠣᠨᠢᠨ》᠂ 《 ᠰᠢᠨᠬᠤᠸᠠ ᠵᠣᠬᠢᠶᠠᠯ ᠰ᠌ᠦᠭᠦᠮᠡᠭ》᠂ 《ᠮᠡᠳᠡᠭᠡᠯᠡᠯ ᠦᠨ ᠤᠷᠠᠨ ᠵᠣᠬᠢᠶᠠᠯ》᠂ 《ᠦᠨᠳᠦᠰᠦᠲᠡᠨ ᠦ ᠤᠷᠠᠨ ᠵᠣᠬᠢᠶᠠᠯ》 ᠵᠡᠷᠭᠡ ᠤᠯᠤᠰ  ᠤᠨ ᠲᠠᠰ  ᠤᠨ ᠰᠣᠨᠢᠨ ᠰᠡᠳᠭᠦᠯ ᠦ᠋ᠳ ᠲᠦ᠍ ᠨᠠᠢᠳᠠᠯᠠᠭᠳᠠᠪᠠ᠃ ᠤᠯᠤᠰ  ᠤᠨ ᠲᠠᠰ  ᠤᠨ ᠱᠠᠩᠨᠠᠯ ᠢ ᠲᠠᠪᠤ ᠤᠳᠠᠭ᠎ᠠ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠱᠠᠩᠨᠠᠯ ᠢ 7 ᠤᠳᠠᠭ᠎ᠠ ᠬᠦᠷᠲᠡᠵᠦ᠂ ᠥᠪᠦᠷ ᠮᠣᠩᠭᠤᠯ ᠤ᠋ᠨ ᠤᠳᠭ᠎ᠠ ᠵᠣᠬᠢᠶᠠᠯ  ᠤᠨ ᠵᠣᠬᠢᠶᠠᠯ ᠪᠦᠲᠦᠭᠡᠯ ᠦᠨ 《ᠰᠣᠯᠤᠩᠭ᠎ᠠ》 ᠱᠠᠩᠨᠠᠯ ᠢ ᠬᠦᠷᠲᠡᠵᠡᠶ᠃ 《ᠬᠠᠩᠭᠠᠶ ᠲᠡᠷᠭᠡ ᠲᠡᠢ ᠴᠡᠷᠢᠭ ᠡᠷ᠎ᠡ》 ᠭᠡᠳᠡᠭ ᠵᠣᠬᠢᠶᠠᠯ ᠨᠢ 《ᠳᠤᠮᠳᠠᠳᠤ ᠤᠯᠤᠰ  ᠤᠨ ᠤᠳᠭ᠎ᠠ ᠵᠣᠬᠢᠶᠠᠯ  ᠤᠨ ᠪᠦᠲᠦᠭᠡᠯ ᠦᠨ ᠲᠡᠭᠦᠪᠦᠷᠢ》 ᠳᠦ ᠣᠷᠤᠵᠤ᠂ 《ᠡᠷᠡᠯᠬᠡᠭ ᠪᠦᠷᠭᠦᠳ᠂ ᠠᠭᠰᠤᠮ ᠬᠦᠯᠦᠭ᠂ ᠠᠲᠠᠨ ᠲᠡᠮᠡᠭᠡ》 ᠭᠡᠳᠡᠭ ᠵᠣᠬᠢᠶᠠᠯ ᠨᠢ ᠳᠤᠮᠳᠠᠳᠤ ᠤᠯᠤᠰ  ᠤᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠦᠨ ᠰᠤᠳᠤᠯ ᠤᠨ ᠰᠤᠷᠤᠭᠴᠢ  ᠵᠢᠨ ᠳᠡᠭᠡᠳᠦ ᠰᠤᠷᠭᠠᠭᠤᠯᠢ  ᠵᠢᠨ ᠰᠣᠨᠢᠨ ᠮᠡᠳᠡᠭᠡᠨ ᠦ ᠰᠠᠯᠪᠤᠷᠢ  ᠵᠢᠨ 《ᠵᠢᠭᠠᠬᠤ ᠮᠠᠲ᠋ᠧᠷᠢᠶᠠᠯ》 ᠳᠤ ᠰᠣᠩᠭᠤᠭᠳᠠᠨ ᠣᠷᠣᠵᠠᠶ᠃ 《ᠲᠡᠭᠦᠨ ᠦ ᠳᠤᠮᠳᠠᠳᠤ  ᠵᠢᠨ ᠰᠡᠳᠭᠢᠯ》 ᠭᠡᠳᠡᠭ ᠵᠣᠬᠢᠶᠠᠯ ᠨᠢ ᠨᠡᠢᠲᠡᠯᠡᠭᠳᠡᠭᠰᠡᠨ ᠦ ᠳᠠᠷᠠᠭ᠎ᠠ᠂ ᠤᠯᠤᠰ  ᠤᠨ ᠳᠣᠲᠤᠭᠠᠳᠤ ᠭᠠᠳᠠᠭᠠᠳᠤ ᠶᠢ ᠳᠣᠩᠰᠤᠯᠭᠠᠵᠤ᠂ ᠳᠤᠮᠳᠠᠳᠤ ᠤᠯᠤᠰ  ᠤᠨ ᠡᠪ ᠬᠠᠮᠲᠤ ᠨᠠᠮ  ᠤᠨ ᠲᠥᠪ ᠬᠣᠷᠢᠶᠠᠨ ᠤ᠋ ᠤᠬᠠᠭᠤᠯᠬᠤ ᠬᠡᠯᠲᠡᠰ᠂ ᠤᠯᠤᠰ  ᠤᠨ ᠰᠣᠶᠤᠯ ᠤ᠋ᠨ ᠵᠠᠮ ᠤᠨ ᠪᠣᠯ ᠤᠨ ᠰᠤᠷᠭᠠᠨ ᠬᠥᠮᠦᠵᠢᠯ ᠦ᠋ᠨ ᠺᠣᠮᠢᠰ ᠵᠡᠷᠭᠡ ᠰᠠᠯᠠᠭ᠎ᠠ ᠮᠥᠴᠢᠷ ᠪᠡᠭᠡᠵᠢᠩ ᠳᠦ ᠰᠤᠳᠤᠯ ᠤᠨ ᠶᠠᠷᠢᠯᠴᠠᠬᠤ ᠬᠤᠷᠠᠯ ᠢ ᠬᠠᠮᠲᠤᠷᠠᠨ ᠬᠤᠷᠠᠯᠳᠤᠭᠤᠯᠤᠭᠰᠠᠨ ᠪᠥᠭᠡᠳ 《ᠠᠷᠠᠳ  ᠤᠨ ᠡᠳᠦᠷ ᠦᠨ ᠰᠣᠨᠢᠨ》᠂ 《 ᠰᠢᠨᠬᠤᠸᠠ ᠵᠣᠬᠢᠶᠠᠯ ᠰ᠌ᠦᠭᠦᠮᠡᠭ》᠂ 《ᠦᠨᠡᠨ》 ᠵᠡᠷᠭᠡ ᠵᠠᠭᠤ ᠭᠠᠷᠤᠶ ᠰᠣᠨᠢᠨ ᠰᠡᠳᠭᠦᠯ ᠰᠢᠯᠵᠢᠭᠦᠯᠦᠨ ᠨᠠᠢᠳᠠᠯᠠᠪᠠ᠃ ᠲᠥᠪ ᠦ᠋ᠨ ᠤᠬᠠᠭᠤᠯᠬᠤ ᠬᠡᠯᠲᠡᠰ᠂ ᠤᠯᠤᠰ  ᠤᠨ ᠰᠤᠷᠭᠠᠨ ᠬᠥᠮᠦᠵᠢᠯ ᠦ᠋ᠨ ᠺᠣᠮᠢᠰ ᠬᠠᠮᠲᠤᠷᠠᠨ ᠮᠡᠳᠡᠭᠳᠡᠯ ᠭᠠᠷᠭᠠᠵᠤ᠂ ᠡᠨᠡ ᠬᠦ ᠵᠣᠬᠢᠶᠠᠯ ᠢ ᠪᠦᠬᠥ ᠤᠯᠤᠰ    ᠲᠦ᠍ ᠤᠯᠤᠰ ᠢᠶᠠᠨ ᠬᠠᠢᠷᠠᠯᠠᠬᠤ ᠦᠵᠡᠯ ᠦᠨ ᠵᠢᠭᠠᠬᠤ ᠮᠠᠲ᠋ᠧᠷᠢᠶᠠᠯ ᠢᠶᠠᠷ ᠲᠠᠨᠢᠯᠴᠠᠭᠤᠯᠵᠠᠢ᠃ ᠡᠨᠡ ᠵᠣᠬᠢᠶᠠᠯ ᠪᠠᠰᠠ 《ᠪᠦᠬᠥ ᠤᠯᠤᠰ  ᠤᠨ ᠰᠢᠯᠢᠳᠡᠭ ᠮᠡᠳᠡᠭᠡᠯᠡᠯ ᠦᠨ ᠤᠷᠠᠨ ᠵᠣᠬᠢᠶᠠᠯ  ᠤᠨ ᠱᠠᠩᠨᠠᠯ》 ᠬᠦᠷᠲᠡᠪᠡ᠃ ᠰᠡᠭᠦᠯᠡᠷ ᠨᠢ ᠡᠨᠡ ᠵᠣᠬᠢᠶᠠᠯ  ᠤᠨ ᠠᠭᠤᠯᠭ᠎ᠠ ᠪᠠᠷ ᠺᠢᠨᠣ᠋᠂ ᠲᠧᠯᠸᠢᠰ ᠵᠦ ᠴᠤ᠌ᠭᠡ᠂ ᠪᠥᠵᠢᠭ᠂ ᠶᠠᠷᠢᠶᠠ   ᠲᠦ᠍ ᠵᠦ ᠴᠤ᠌ᠭᠡ ᠨᠠᠢᠷᠠᠭᠤᠯᠵᠤ᠂ ᠨᠡᠢᠭᠡᠮ ᠨᠡᠢᠲᠡ ᠳᠦ ᠲᠠᠨᠢᠯᠴᠠᠭᠤᠯᠵᠠᠢ᠃ 《ᠶᠡᠬᠡ ᠰᠤᠷᠭᠠᠭᠤᠯᠢ  ᠵᠢᠨ ᠵᠣᠬᠢᠶᠠᠨ ᠪᠢᠴᠢᠯᠭᠡ  ᠵᠢᠨ ᠵᠢᠰ᠌ᠢᠭ ᠵᠣᠬᠢᠶᠠᠯ》 ᠭᠡᠳᠡᠭ ᠨᠣᠮ ᠳᠤ ᠡᠨᠡ ᠵᠣᠬᠢᠶᠠᠯ ᠢ ᠰᠣᠩᠭᠤᠨ ᠣᠷᠤᠭᠤᠯᠪᠠ᠃ ᠳᠤᠮᠳᠠᠳᠤ ᠤᠯᠤᠰ  ᠤᠨ ᠰᠣᠨᠢᠨ ᠮᠡᠳᠡᠭᠡᠨ ᠦ ᠠᠵᠢᠯᠲᠠᠳ  ᠤᠨ ᠨᠡᠢᠭᠡᠮᠯᠢᠭ ᠦᠨ ᠬᠡᠷᠡᠭ ᠡᠷᠬᠢᠯᠡᠭᠴᠢ ᠪᠡᠷ ᠰᠣᠩᠭᠤᠭᠳᠠᠵᠤ᠂ ᠬᠣᠶᠠᠳᠤᠭᠠᠷ ᠬᠤᠭᠤᠴᠠᠭᠠᠨ ᠤ ᠪᠦᠬᠥ ᠤᠯᠤᠰ  ᠤᠨ 《ᠹᠠᠨ ᠴᠠᠩ ᠵᠢᠶᠠᠩ  ᠤᠨ ᠰᠣᠨᠢᠨ ᠮᠡᠳᠡᠭᠡᠨ ᠦ ᠱᠠᠩᠨᠠᠯ》 ᠬᠦᠷᠲᠡᠵᠦ᠂ ᠲᠣᠪᠣᠢᠮ᠎ᠠ ᠵᠢᠳᠭᠦᠯ ᠲᠡᠢ    ᠲᠤᠰᠭᠠᠢ ᠮᠡᠷᠭᠡᠵᠢᠯᠲᠡᠨ ᠦ ᠴᠣᠯᠠ ᠣᠯᠵᠤ᠂ ᠳᠤᠮᠳᠠᠳᠤ ᠤᠯᠤᠰ  ᠤᠨ ᠲᠦᠷᠥ  ᠵᠢᠨ ᠶᠠᠪᠤᠳᠠᠯ  ᠤᠨ ᠬᠣᠷᠢᠶᠠᠨ ᠳ᠋ᠤ᠌ ᠰ᠌ᠠᠩᠨᠠᠭᠳᠠᠨ ᠬᠥᠬᠢᠭᠦᠯᠦᠭᠳᠡᠵᠡᠢ᠃ ( ᠪᠠᠭᠠᠨ᠎ᠠ )