ᠨᠡᠷ᠎ᠡ:
ᠰᠢ ᠸᠧᠨ ᠵᠢᠤᠶ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠰᠢ ᠸᠧᠨ ᠵᠢᠤᠶ ( 1929—— 1992 ) ᠥᠭᠡᠷ᠎ᠡ ᠨᠡᠷ᠎ᠡ ᠨᠢ ᠪᠢᠯᠢᠭᠦᠨᠳᠡᠯᠡᠶ᠂ ᠬᠠᠷᠠᠭᠦᠦ᠂ ᠰᠣᠨᠢᠨ ᠮᠡᠳᠡᠭᠡᠨ ᠦ ᠨᠠᠢᠷᠠᠭᠤᠯᠤᠭᠴᠢ᠂ ᠪᠦᠬᠥ ᠤᠯᠤᠰ ᠤᠨ ᠰᠢᠯᠢᠳᠡᠭ ᠰᠣᠨᠢᠨ ᠮᠡᠳᠡᠭᠡᠨ ᠦ ᠠᠵᠢᠯᠲᠠᠨ᠃ ᠥᠪᠦᠷ ᠮᠣᠩᠭᠤᠯ ᠤ᠋ᠨ ᠨᠠᠢ᠍ᠮᠠᠨ ᠬᠣᠰᠢᠭᠤᠨ ᠤ ᠬᠥᠮᠦᠨ᠃ 1940 ᠣᠨ ᠤ 3 ᠰᠠᠷ᠎ᠠ ᠠᠴᠠ 1946 ᠣᠨ ᠤ 5 ᠰᠠᠷ᠎ᠠ ᠬᠦᠷᠲᠡᠯ᠎ᠡ᠂ ᠨᠠᠢ᠍ᠮᠠᠨ ᠬᠣᠰᠢᠭᠤᠨ ᠤ ᠵᠠᠮ ᠤᠨ ᠠᠢᠯ ᠤᠨ ᠦᠯᠡᠮᠵᠢ ᠵᠡᠷᠭᠡ ᠵᠢᠨ ᠰᠤᠷᠭᠠᠭᠤᠯᠢ᠂ ᠸᠠᠩ ᠤᠨ ᠰᠦᠮ᠎ᠡ ( ᠣᠳᠣᠬᠢ ᠤᠯᠠᠭᠠᠨᠬᠣᠲᠠ ) ᠵᠢᠨ ᠬᠥᠮᠦᠵᠢᠭᠦᠯᠦᠨ ᠪᠦᠲᠦᠭᠡᠬᠦ ᠳᠡᠭᠡᠳᠦ ᠰᠤᠷᠭᠠᠭᠤᠯᠢ᠂ ᠨᠤᠲᠤᠭ ᠤᠨ ᠢᠶᠠᠨ ᠬᠡᠷ ᠦᠨ ᠰᠤᠷᠭᠠᠭᠤᠯᠢ ᠳᠤ ᠰᠤᠷᠤᠯᠴᠠᠪᠠ᠃ 1946 ᠣᠨ ᠤ 6 ᠰᠠᠷ᠎ᠠ ᠠᠴᠠ 1949 ᠣᠨ ᠤ 1 ᠰᠠᠷ᠎ᠠ ᠬᠦᠷᠲᠡᠯ᠎ᠡ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠬᠥᠳᠡᠯᠭᠡᠭᠡᠨ ᠦ᠌ ᠬᠣᠯᠪᠤᠨ ᠨᠡᠢᠯᠡᠯᠳᠦᠭᠰᠡᠨ ᠬᠤᠷᠠᠯ ᠤᠨ ᠨᠠᠢ᠍ᠮᠠᠨ ᠬᠣᠰᠢᠭᠤᠨ ᠤ ᠰᠠᠯᠪᠤᠷᠢ ᠬᠤᠷᠠᠯ᠂ ᠨᠠᠢ᠍ᠮᠠᠨ ᠬᠣᠰᠢᠭᠤᠨ ᠤ ᠨᠤᠲᠤᠭ ᠤᠨ ᠵᠠᠰᠠᠭ ᠤᠨ ᠣᠷᠳᠤᠨ ᠳ᠋ᠤ᠌ ᠠᠵᠢᠯᠯᠠᠵᠤ᠂ ᠨᠤᠲᠤᠭ ᠤᠨ ᠪᠠᠭ᠎ᠠ ᠰᠤᠷᠭᠠᠭᠤᠯᠢ ᠳᠤ ᠪᠠᠭᠰᠢᠯᠠᠪᠠ᠃ 1949 ᠣᠨ ᠤ 2 ᠰᠠᠷ᠎ᠠ ᠠᠴᠠ 8 ᠰᠠᠷ᠎ᠠ ᠬᠦᠷᠲᠡᠯ᠎ᠡ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠳᠡᠭᠡᠳᠦ ᠰᠤᠷᠭᠠᠭᠤᠯᠢ ᠳᠤ ᠰᠤᠷᠤᠯᠴᠠᠪᠠ᠃ 1949 ᠣᠨ ᠤ 9 ᠰᠠᠷ᠎ᠠ ᠠᠴᠠ 1956 ᠣᠨ ᠤ 7 ᠰᠠᠷ᠎ᠠ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠵᠡᠭᠦᠨ ᠣᠷᠤᠨ ᠤ᠋ ᠬᠡᠪᠯᠡᠯ᠂ ᠬᠥᠯᠦᠨ ᠪᠤᠢᠷ ᠤ᠋ᠨ ᠰᠣᠨᠢᠨ ᠤ ᠬᠣᠷᠢᠶ᠎ᠠ ᠵᠢᠨ ᠰᠤᠷᠪᠤᠯᠵᠢᠯᠠᠭᠴᠢ ᠪᠣᠯᠵᠤ᠂ ᠬᠢᠲᠠᠳ ᠢᠶᠠᠷ ᠡᠬᠡ ᠪᠢᠴᠢᠭ ᠪᠢᠴᠢᠵᠦ ᠪᠠᠢᠪᠠ᠃ 1950 ᠣᠨ ᠤ 5 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠤᠪᠠ᠃ 1956 ᠣᠨ ᠤ 8 ᠰᠠᠷ᠎ᠠ ᠠᠴᠠ 1959 ᠣᠨ ᠤ 7 ᠰᠠᠷ᠎ᠠ ᠬᠦᠷᠲᠡᠯ᠎ᠡ ᠪᠡᠭᠡᠵᠢᠩ ᠳᠡᠬᠢ ᠳᠤᠮᠳᠠᠳᠤ ᠤᠯᠤᠰ ᠤᠨ ᠠᠷᠠᠳ ᠤᠨ ᠶᠡᠬᠡ ᠰᠤᠷᠭᠠᠭᠤᠯᠢ ᠵᠢᠨ ᠰᠣᠨᠢᠨ ᠮᠡᠳᠡᠭᠡᠨ ᠦ ᠰᠠᠯᠪᠤᠷᠢ ᠳᠤ ᠰᠤᠷᠤᠯᠴᠠᠪᠠ᠃ 1959 ᠣᠨ ᠤ 8 ᠰᠠᠷ᠎ᠠ ᠠᠴᠠ 1960 ᠣᠨ ᠤ 12 ᠰᠠᠷ᠎ᠠ ᠬᠦᠷᠲᠡᠯ᠎ᠡ 《ᠠᠷᠠᠳ ᠤᠨ ᠡᠳᠦᠷ ᠦᠨ ᠰᠣᠨᠢᠨ》 ᠳᠤ ᠨᠠᠢᠷᠠᠭᠤᠯᠤᠭᠴᠢ ᠵᠢᠨ ᠠᠵᠢᠯ ᠬᠢᠪᠡ᠃ 1961 ᠣᠨ ᠤ l ᠰᠠᠷ᠎ᠠ ᠠᠴᠠ 1969 ᠣᠨ ᠤ 12 ᠰᠠᠷ᠎ᠠ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠥᠯᠦᠨ ᠪᠤᠢᠷ ᠠᠢᠮᠠᠭ ᠲᠦ᠍ ᠰᠠᠭᠤᠭ᠎ᠠ ᠰᠤᠷᠪᠤᠯᠵᠢᠯᠠᠭᠴᠢ᠂ ᠰᠤᠷᠪᠤᠯᠵᠢᠯᠠᠭᠴᠢ ᠵᠢᠨ ᠥᠷᠲᠡᠭᠡ ᠵᠢᠨ ᠳᠠᠷᠤᠭ᠎ᠠ ᠪᠠᠷ ᠠᠵᠢᠯᠯᠠᠵᠤ᠂ ᠦᠯᠡᠮᠵᠢᠬᠡᠨ ᠮᠡᠳᠡᠭᠡ ᠴᠢᠮᠡᠭᠡ᠂ ᠰᠤᠷᠪᠤᠯᠵᠢᠯᠠᠭ᠎ᠠ ᠴᠢᠮᠡᠭᠡᠯᠡᠯ ᠪᠢᠴᠢᠪᠡ᠃ 1964 ᠣᠨ ᠤ ᠡᠪᠦᠯ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠨᠥᠭᠴᠢᠭᠰᠡᠨ ᠪᠠᠭ᠎ᠠ ᠲᠦ᠍ᠷ ᠸᠠᠩ ᠵᠢᠶᠧ ᠵᠢᠨ ᠲᠦᠷᠥᠭᠰᠡᠨ ᠨᠤᠲᠤᠭ ᠠᠷ ᠤᠨ ᠬᠣᠰᠢᠭᠤᠨ ᠳᠤ ᠬᠦᠷ ᠴᠤ᠌᠂ ᠲᠡᠭᠦᠨ ᠦ ᠡᠴᠢᠭᠡ ᠡᠬᠡ ᠵᠡᠷᠭᠡ ᠲᠥᠷᠦᠯ ᠰᠠᠳ᠋ ᠤ᠋ᠨ ᠢ᠋ ᠰᠤᠷᠪᠤᠯᠵᠢᠯᠠᠵᠤ᠂ ᠸᠠᠩ ᠵᠢᠶᠧ ᠶᠢ ᠮᠥᠷᠦᠭᠡᠳᠦᠭᠰᠡᠨ ᠪᠠ ᠲᠡᠭᠦᠨ ᠦ ᠦᠰᠦᠨ ᠪᠣᠢᠵᠢᠭᠰᠠᠨ ᠶᠠᠪᠤᠴᠠ ᠶᠢ ᠲᠦ᠍ᠰᠬᠠᠭᠰᠠᠨ ᠡᠬᠡ ᠪᠢᠴᠢᠭ ᠢ ᠪᠢᠴᠢᠵᠦ᠂ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠢᠲᠠᠳ ᠬᠡᠪᠯᠡᠯ ᠳᠦ ᠲᠤᠰᠭᠠᠢ ᠨᠢᠭᠤᠷ ᠢᠶᠠᠷ ᠨᠡᠢᠲᠡᠯᠡᠭᠦᠯᠪᠡ᠃ ᠪᠦᠬᠥ ᠤᠯᠤᠰ ᠤᠨ ᠵᠢᠷᠭᠤᠭ᠎ᠠ ᠲᠦ᠍ᠯᠤᠭᠠᠨ ᠮᠤᠵᠢ ᠬᠣᠲᠠ ᠵᠢᠨ ᠰᠣᠨᠢᠨ ᠲᠤᠰᠭᠠᠢ ᠨᠢᠭᠤᠷ ᠢ ᠰᠢᠯᠵᠢᠭᠦᠯᠦᠨ ᠨᠠᠢᠳᠠᠯᠠᠪᠠ᠃ 1965 ᠣᠨ ᠳᠤ 《ᠬᠤᠷᠮᠤᠰᠲᠠ ᠲᠩᠷᠢ ᠯᠦᠭᠡ ᠥᠨᠳᠦᠷ ᠢ᠋ᠶ᠋ᠡᠨ ᠮᠦᠴᠡᠭᠡᠷᠬᠡᠮᠦᠢ —— ᠡᠸᠡᠩᠬᠢ ᠦᠨᠳᠦᠰᠦᠲᠡᠨ ᠦ ᠮᠠᠯᠴᠢᠨ ᠰᠢᠮᠢᠶᠠᠨ ᠤ ᠨᠤᠲᠤᠭ ᠪᠡᠯᠴᠢᠭᠡᠷ ᠥᠭᠡᠷᠡᠴᠢᠯᠡᠭᠰᠡᠨ ᠦᠯᠢᠭᠡᠷ ᠭᠡᠬᠦ ᠴᠢᠮᠡᠭᠡᠯᠡᠯ ᠢᠶᠡᠨ 《ᠥᠪᠦᠷ ᠮᠣᠩᠭᠤᠯ ᠤ᠋ᠨ ᠡᠳᠦᠷ ᠦᠨ ᠰᠣᠨᠢᠨ》 ᠳᠤ᠂ 《ᠠᠷᠠᠳ ᠤᠨ ᠡᠳᠦᠷ ᠦᠨ ᠰᠣᠨᠢᠨ》 ᠤ ᠠᠯᠳᠠᠷ ᠲᠦ᠍ ᠰᠤᠷᠪᠤᠯᠵᠢᠯᠠᠭᠴᠢ ᠭᠦᠸᠸ ᠰᠢᠶᠣᠣ ᠴᠤ᠌ᠸᠠᠨ ᠤ ᠬᠠᠮᠲᠤ ᠮᠠᠯᠵᠢᠬᠤ ᠣᠷᠤᠨ ᠤ᠋ ᠳ᠋ᠠᠵᠠᠶ᠂ ᠦᠦᠰᠢᠨᠵᠦᠦ ᠵᠢᠨ ᠲᠤᠰᠭᠠᠢ ᠣᠷᠳᠣ ᠴᠢᠮᠡᠭᠡᠯᠡᠯ ᠪᠢᠴᠢᠵᠦ 《ᠠᠷᠠᠳ ᠤᠨ ᠡᠳᠦᠷ ᠦᠨ ᠰᠣᠨᠢᠨ》 ᠳᠤ ᠨᠠᠢᠳᠠᠯᠠᠪᠠ᠃ 1972 ᠣᠨ ᠠᠴᠠ 1990 ᠣᠨ ᠬᠦᠷᠲᠡᠯ᠎ᠡ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠢᠲᠠᠳ ᠬᠡᠪᠯᠡᠯ ᠦᠨ ᠶᠡᠷᠦᠩᠬᠡᠶ ᠨᠠᠢᠷᠠᠭᠤᠯᠤᠭᠴᠢ ᠵᠢᠨ ᠠᠯᠪᠠᠨ ᠬᠡᠷ ᠦᠨ ᠳᠡᠳ᠋ ᠡᠷᠬᠢᠯᠡᠭᠴᠢ ᠪᠣᠯᠵᠤ᠂ ᠰᠣᠨᠢᠨ ᠤ ᠰᠥᠨᠢ ᠵᠢᠨ ᠡᠭᠡᠯᠵᠢ ᠪᠠ ᠰᠣᠨᠢᠨ ᠭᠠᠷᠭᠠᠬᠤ ᠠᠵᠢᠯ ᠢ 17 ᠵᠢᠯ ᠬᠢᠪᠡ᠃ ᠰᠥᠨᠢ ᠪᠦᠷᠢ ᠰᠣᠨᠢᠨ ᠤ ᠨᠢᠭᠡᠳᠦᠭᠡᠷ ᠨᠢᠭᠤᠷ ᠤᠨ ᠲᠦᠮᠡ ᠰᠢᠬᠠᠮ ᠦᠰᠥᠭ ᠪᠦᠬᠦᠶ ᠴᠢᠬᠤᠯᠠ ᠡᠬᠡ ᠪᠢᠴᠢᠭ ᠢ ᠬᠢᠨᠠᠵᠤ᠂ ᠭᠠᠷᠴᠠᠭ ᠬᠠᠲᠠᠨ᠂ ᠨᠢᠭᠤᠷ ᠢ ᠲᠣᠬᠢᠷᠠᠭᠤᠯᠵᠤ᠂ ᠰᠣᠨᠢᠨ ᠤ ᠨᠢᠭᠡᠳᠦᠭᠡᠷ ᠨᠢᠭᠤᠷ ᠤᠨ ᠥᠪᠡᠷᠮᠢᠴᠡ ᠬᠡᠪ ᠨᠠᠮᠪᠠ ᠶᠢ ᠪᠦᠷᠢᠳᠦᠭᠦᠯᠵᠦ᠂ ᠰᠣᠨᠢᠨ ᠤ ᠤᠬᠠᠭᠤᠯᠭ᠎ᠠ ᠵᠢᠨ ᠦᠷ᠎ᠡ ᠪᠦᠲᠦᠮᠵᠢ ᠶᠢ ᠳᠡᠭᠡᠭᠰᠢᠯᠡᠭᠦᠯᠬᠦ ᠳᠦ ᠬᠤᠪᠢ ᠨᠡᠮᠡᠷᠢ ᠪᠡᠨ ᠦᠵᠡᠭᠦᠯᠪᠡ᠃ ᠲᠡᠭᠦᠨ ᠦ ᠰᠠᠨᠠᠭᠤᠯᠭ᠎ᠠ ᠪᠠᠷ ᠬᠢᠲᠠᠳ ᠰᠣᠨᠢᠨ ᠤ ᠨᠢᠭᠡᠳᠦᠭᠡᠷ ᠨᠢᠭᠤᠷ ᠲᠦ᠍ 《ᠳᠠᠯᠠᠨ ᠬᠠᠷ᠎ᠠ ᠵᠢᠨ ᠬᠣᠩᠬᠤ ᠵᠢᠨ ᠳᠠᠭ ᠤᠨ》᠂ 《ᠨᠡᠢᠭᠡᠮ ᠦᠨ ᠠᠮᠢᠳᠤᠷᠠᠯ》᠂ 《 ᠰᠣᠨᠢᠨ ᠮᠡᠳᠡᠭᠡᠨ ᠦ ᠴᠣᠮᠣᠷᠯᠢᠭ》 ᠵᠡᠷᠭᠡ ᠲᠤᠰᠭᠠᠢ ᠪᠤᠯᠤᠩ ᠭᠠᠷᠭᠠᠵᠤ ᠨᠡᠯᠢᠶᠡᠳ ᠰᠠᠵᠢᠨ ᠤᠬᠠᠭᠤᠯᠭ᠎ᠠ ᠵᠢᠨ ᠦᠷ᠎ᠡ ᠳ᠋ᠦᠩ ᠣᠯᠪᠠ᠃ ᠡᠨᠡ ᠬᠤᠭᠤᠴᠠᠭᠠᠨ ᠳᠤ ᠲᠡᠷᠡ ᠬᠥᠳᠡᠭᠡ ᠪᠠᠭᠤᠵᠤ ᠪᠠᠢᠴᠠᠭᠠᠨ ᠰᠤᠳᠤᠯᠤᠯᠲᠠ ᠬᠢᠵᠦ᠂ ᠴᠢᠨᠠᠷ ᠰᠠᠢᠲᠠᠶ ᠡᠬᠡ ᠪᠢᠴᠢᠭ ᠦᠳ ᠢ ᠨᠡᠢᠲᠡᠯᠡᠭᠦᠯᠪᠡ᠃ 1984 ᠣᠨ ᠳᠤ ᠪᠢᠴᠢᠭᠰᠡᠨ 《 ᠬᠥᠭᠰᠢᠨ ᠬᠠᠢᠯᠠᠰᠤ ᠬᠠᠪᠤᠷ ᠨᠠᠮᠠᠭᠠᠯᠠᠵᠤ ᠦᠲᠡᠯᠦᠭᠡ ᠨᠠᠰ ᠤᠨ ᠤ ᠭᠢᠯᠪᠠᠭ᠎ᠠ ᠰᠠ ᠴᠤ᠌ᠷᠠᠨᠠ —— ᠨᠠᠢ᠍ᠮᠠᠨ ᠬᠣᠰᠢᠭᠤᠨ ᠤ ᠨᠠᠰ ᠤᠨ ᠤ ᠠᠮᠠᠷᠠᠯᠲᠠ ᠪᠠᠨ ᠠᠪᠤᠭᠰᠠᠨ ᠠᠬᠠᠮᠠᠳ ᠺᠠᠲᠠᠷ ᠸᠠᠩ ᠾᠸ ᠵᠢᠨ ᠵᠢᠱ᠌ᠢᠶᠡᠴᠢ ᠦᠢᠯᠡ ᠠᠵᠢᠯᠯᠠᠭ᠎ᠠ ᠶᠢ ᠲᠡᠮᠳᠡᠭᠯᠡᠪᠡ》 ᠭᠡᠬᠦ ᠴᠢᠮᠡᠭᠡᠯᠡᠯ ᠪᠠ ᠬᠠᠪᠰᠤᠷᠭᠠᠨ ᠨᠡᠢᠲᠡᠯᠡᠭᠰᠡᠨ 《ᠦᠲᠡᠯᠦᠭᠡ ᠨᠠᠰ ᠤᠨ ᠤ ᠬᠡᠷᠡᠯ ᠭᠢᠯᠪᠠᠭ᠎ᠠ ᠪᠠᠨ ᠤᠯᠠᠮ ᠰᠠ ᠴᠤ᠌ᠷᠠᠭᠤᠯᠰᠤᠭᠠᠢ》 ᠭᠡᠬᠦ ᠣᠬᠤᠷ ᠥᠭᠦᠯᠡᠯ ᠨᠢ ᠬᠣᠯᠪᠤᠭᠳᠠᠯ ᠪᠦᠬᠦᠶ ᠰᠠᠯᠠᠭ᠎ᠠ ᠮᠥᠴᠢᠷ ᠲᠦ᠍ ᠲᠠᠭᠠᠰᠢᠶᠠᠭᠳᠠᠵᠤ᠂ ᠪᠦᠬᠥ ᠥᠪᠦᠷ ᠮᠣᠩᠭᠤᠯ ᠤ᠋ᠨ ᠨᠠᠰᠤᠨ ᠤ ᠠᠮᠠᠷᠠᠯᠲᠠ ᠠᠪᠤᠭᠰᠠᠨ ᠺᠠᠲᠠᠷ ᠤᠨ ᠠᠵᠢᠯ ᠤᠨ ᠬᠤᠷᠠᠯ ᠳᠡᠭᠡᠷ᠎ᠡ ᠨᠡᠢᠲᠡᠯᠢᠭ ᠮᠠᠲ᠋ᠧᠷᠢᠶᠠᠯ ᠪᠣᠯᠭᠠᠨ ᠲᠠᠷᠬᠠᠭᠠᠪᠠ᠃ 1948 ᠣᠨ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠰᠢᠭᠤᠳ ᠬᠠᠷᠢᠶ᠎ᠠ ᠪᠠᠢᠭᠤᠯᠭ᠎ᠠ ᠵᠢᠨ ᠰᠢᠯᠢᠳᠡᠭ ᠨᠠᠮ ᠤᠨ ᠭᠡᠰᠢᠭᠦᠨ ᠢᠶᠡᠷ᠂ 1991 ᠣᠨ ᠳᠤ ᠪᠦᠬᠥ ᠤᠯᠤᠰ ᠤᠨ ᠰᠢᠯᠢᠳᠡᠭ ᠰᠣᠨᠢᠨ ᠮᠡᠳᠡᠭᠡᠨ ᠦ ᠠᠵᠢᠯᠲᠠᠨ ᠢᠶᠠᠷ ᠰᠣᠩᠭᠤᠭᠳᠠᠪᠠ᠃
Copyight 2016 by nmgmzw.gov.cn All Rights Reserved