ᠨᠡᠷ᠎ᠡ:
ᠰᠡᠷᠡᠭᠡ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠰᠡᠷᠡᠭᠡ ( 193L~ ) ᠡᠮᠡᠭᠲᠡᠶ᠂ ᠬᠢᠨᠠᠨ ᠨᠠᠢᠷᠠᠭᠤᠯᠤᠭᠴᠢ᠃ ᠥᠪᠦᠷ ᠮᠣᠩᠭᠤᠯ ᠤ᠋ᠨ ᠬᠣᠷᠴᠢᠨ ᠵᠡᠭᠦᠨᠭᠠᠷ ᠤᠨ ᠳᠤᠮᠳᠠᠳᠤ ᠬᠣᠰᠢᠭᠤᠨ ᠳᠤ ᠲᠥᠷᠦᠵᠡᠢ᠃ 1945 ᠣᠨ ᠤ 9ᠰᠠᠷ᠎ᠠ ᠵᠢᠨ 1 ᠤ ᠡᠳᠦᠷ ᠬᠤᠪᠢᠰᠭᠠᠯ ᠤ᠋ᠨ ᠠᠵᠢᠯ ᠳᠤ ᠣᠷᠤᠵᠤ ᠰᠢᠨ᠎ᠡ ᠬᠦ ᠴᠤ᠌ᠨ ᠦ ᠳᠡᠭᠡᠳᠦ ᠰᠤᠷᠭᠠᠭᠤᠯᠢ ᠳᠤ ᠤᠯᠤᠰ ᠲᠦᠷᠥ ᠡᠳ᠋ ᠦᠨ ᠵᠠᠰᠠᠭ ᠤᠨ ᠤᠬᠠᠭᠠᠨ ᠰᠤᠷᠴᠠᠶ᠃ 1946 ᠣᠨ ᠳᠤ ᠬᠤᠪᠢᠰᠭᠠᠯ ᠲᠦ᠍ ᠴᠡᠷᠢᠭ ᠦᠨ ᠪᠠᠢᠯᠳᠤᠭᠴᠢ ᠪᠣᠯᠪᠠ᠃ 1949 ᠣᠨ ᠳᠤ 《ᠿᠸ ᠾᠸ ᠵᠢᠨ ᠵᠠᠯᠠᠭᠤ ᠴᠤ᠌ᠳ》 ᠰᠣᠨᠢᠨ ᠳᠤ ᠨᠠᠢᠷᠠᠭᠤᠯᠤᠭᠴᠢ ᠪᠠᠢᠪᠠ᠃ 1951 ᠣᠨ ᠳᠤ ᠿᠸ ᠾᠸ ᠮᠤᠵᠢ ᠵᠢᠨ 《ᠣᠯᠠᠨ ᠲᠦᠮᠡᠨ ᠦ ᠡᠳᠦᠷ ᠦᠨ ᠰᠣᠨᠢᠨ》 ᠤ ᠨᠠᠢᠷᠠᠭᠤᠯᠬᠤ ᠬᠡᠯᠲᠡᠰ ᠲᠦ ᠠᠵᠢᠯᠯᠠᠵᠤ᠂ ᠳᠠᠷᠠᠭ᠎ᠠ ᠨᠢ 《ᠿᠸ ᠾᠸ ᠮᠤᠵᠢ ᠵᠢᠨ ᠰᠣᠨᠢᠨ》᠂ 《ᠴᠧᠩᠳᠧ ᠲᠤᠰᠭᠠᠢ ᠣᠷᠤᠨ ᠤ᠋ ᠰᠣᠨᠢᠨ》᠂ 《ᠥᠪᠦᠷ ᠮᠣᠩᠭᠤᠯ ᠤ᠋ᠨ ᠡᠳᠦᠷ ᠦᠨ ᠰᠣᠨᠢᠨ》 ᠳᠤ ᠨᠠᠢᠷᠠᠭᠤᠯᠤᠭᠴᠢ ᠰᠤᠷᠪᠤᠯᠵᠢᠯᠠᠭᠴᠢ ᠪᠠᠢᠵᠤ ᠳᠡᠳ᠋ᠳᠠᠷᠤᠭ᠎ᠠ᠂ ᠨᠠᠢᠷᠠᠭᠤᠯᠬᠤ ᠬᠡᠯᠲᠡᠰ ᠦᠨ ᠡᠷᠬᠢᠯᠡᠭᠴᠢ ᠵᠡᠷᠭᠡ ᠲᠤᠰᠢᠶᠠᠯ ᠳᠤ ᠪᠠᠢᠪᠠ᠃ 20 ᠳ᠋ᠤᠭᠠᠷ ᠵᠠᠭ ᠤᠨ ᠤ ᠳᠥᠴᠢᠭᠡᠳ ᠣᠨ ᠤ ᠰᠡᠭᠦᠯᠴᠢ ᠡᠴᠡ ᠳᠠᠯᠠᠭᠠᠳ ᠣᠨ ᠤ ᠰᠡᠭᠦᠯᠴᠢ ᠪᠣᠯᠲᠠᠯ᠎ᠠ ᠲᠡᠷᠡ ᠰᠣᠨᠢᠨ ᠮᠡᠳᠡᠭᠡ ᠵᠢᠨ ᠹᠷᠣᠨᠲ ᠳᠡᠭᠡᠷ᠎ᠡ ᠮᠡᠳᠡᠭᠡ᠂ ᠴᠢᠮᠡᠭᠡᠯᠡᠯ᠂ ᠰᠤᠷᠪᠤᠯᠵᠢᠯᠠᠭ᠎ᠠ᠂ ᠪᠠᠢᠴᠠᠭᠠᠯᠲᠠ ᠵᠢᠨ ᠮᠡᠳᠡᠭᠦᠯᠦᠯᠲᠡ᠂ ᠶᠠᠷᠢᠯᠴᠠᠭ᠎ᠠ ᠵᠢᠨ ᠵᠣᠬᠢᠶᠠᠯ᠂ ᠬᠣᠷᠢᠶᠠᠨ ᠤ᠋ ᠥᠭᠦᠯᠡᠯ ᠣᠯᠠᠨ ᠪᠢᠴᠢᠵᠦ ᠤᠯᠤᠰ ᠦᠨᠳᠦᠰᠦᠲᠡᠨ ᠦ ᠰᠣᠨᠢᠨ ᠮᠡᠳᠡᠭᠡ ᠵᠢᠨ ᠦᠢᠯᠡᠰ ᠲᠦ ᠵᠢᠳᠭᠦᠯ ᠦᠵᠡᠭᠦᠯᠦᠭᠰᠡᠨ ᠡᠴᠡ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ 《3 8》 ᠤᠯᠠᠭᠠᠨ ᠲᠤᠭᠴᠢ ᠪᠠᠷ ᠨᠡᠷᠡᠢᠳᠦᠭᠳᠡᠪᠡ᠃ ᠤᠯᠤᠰ ᠪᠠᠢᠭᠤᠯᠤᠭᠳᠠᠭᠰᠠᠨ ᠡᠬᠢᠨ ᠦ ᠦᠶ᠎ᠡ ᠳᠦ ᠪᠢᠴᠢᠭᠰᠡᠨ 《ᠯᠢᠦ ᠰ᠌ᠧᠩ ᠦᠨ ᠠᠷ ᠤᠨᠰᠢ ᠤᠬᠤᠷᠢᠭᠰᠠᠨ ᠠᠰᠠᠭᠤᠳᠠᠯ ᠤᠨ ᠲᠤᠰᠭᠠᠢ》 ᠭᠡᠬᠦ ᠮᠡᠳᠡᠭᠡᠯᠡᠯ᠂ ᠵᠢᠷᠠᠭᠠᠳ ᠣᠨ ᠤ ᠦᠶ᠎ᠡ ᠳᠦ ᠪᠢᠴᠢᠭᠰᠡᠨ 《ᠲᠠᠯ᠎ᠠ ᠨᠤᠲᠤᠭ ᠤᠨ ᠪᠢᠴᠢᠬᠠᠨ ᠪᠠᠭ᠎ᠠ ᠲᠦ᠍ᠷ ᠡᠭᠡᠴᠢ ᠦᠬᠵᠢᠨ ᠳᠡᠭᠦᠦ ᠯᠦᠩ ᠮᠧᠶ᠂ ᠢᠦᠢ ᠷᠦᠩ》᠂ ᠳᠠᠯᠠᠭᠠᠳ ᠣᠨ ᠳᠤ ᠪᠢᠴᠢᠭᠰᠡᠨ 《ᠬᠥᠪᠡᠭᠡᠲᠦ ᠰᠢᠷ᠎ᠠ ᠬᠣᠰᠢᠭᠤᠨ ᠤ ᠲᠠᠯ᠎ᠠ ᠨᠤᠲᠤᠭ ᠤᠨ ᠪᠦᠲᠦᠭᠡᠨ ᠪᠠᠢᠭᠤᠯᠤᠯᠲᠠ ᠵᠢᠨ ᠲᠦ᠍ᠷᠰᠢᠯᠭ᠎ᠠ》᠂ ᠨᠠᠶᠠᠭᠠᠳ ᠣᠨ ᠳᠤ ᠵᠣᠬᠢᠶᠠᠨ ᠪᠠᠢᠭᠤᠯᠤᠭᠰᠠᠨ ᠮᠠᠯ ᠠᠵᠤ ᠠᠬᠤᠶ ᠵᠢᠨ ᠴᠢᠭᠯᠡᠯᠲᠡ ᠲᠦᠷᠥ ᠵᠢᠨ ᠪᠣᠳᠤᠯᠭ᠎ᠠ ᠪᠣᠯ ᠤᠨ ᠮᠠᠯ ᠠᠵᠤ ᠠᠬᠤᠶ ᠵᠢᠨ ᠣᠳᠣᠬᠢᠴᠢᠯᠠᠯᠲᠠ ᠵᠢᠨ ᠠᠰᠠᠭᠤᠳᠠᠯ ᠤᠨ ᠲᠤᠰᠭᠠᠢ ᠶᠠᠷᠢᠯᠴᠠᠭ᠎ᠠ ᠵᠢᠴᠢ 《ᠳ᠋ᠦᠩ ᠯᠢ ᠰ᠌ᠦᠨ ᠦ ᠪᠣᠷᠤᠯᠠᠭᠤᠯᠤᠭᠰᠠᠨ ᠬᠣᠨᠵᠢᠨ ᠮᠢᠬᠠᠨ ᠠᠴᠠ ᠥᠭᠦᠯᠡᠬᠦ ᠨᠢ》 ᠭᠡᠬᠦ ᠵᠣᠬᠢᠶᠠᠯ ᠵᠡᠷᠭᠡ ᠨᠢ ᠲᠤᠰᠭᠠᠢ ᠵᠢᠨ ᠦᠶ᠎ᠡ ᠳᠡᠭᠡᠨ ᠥᠷᠭᠡᠨ ᠲᠦ᠍ᠰᠬᠠᠯ ᠭᠠᠷᠴᠠᠢ᠃ 1980 ᠣᠨ ᠳᠤ ᠪᠡᠭᠡᠵᠢᠩ ᠳᠡᠬᠢ 《ᠦᠨᠳᠦᠰᠦᠲᠡᠨ ᠦ ᠪᠦᠯᠬᠦᠮᠳᠡᠯ》 ᠰᠡᠳᠭᠦᠯ ᠳ᠋ᠦ᠍ ᠠᠵᠢᠯ ᠰᠢᠯᠵᠢᠭᠰᠡᠨ ᠦ ᠳᠠᠷᠠᠭ᠎ᠠ ᠴᠥᠭᠡᠨ ᠲᠣᠭᠠᠨ ᠲᠦ᠍ ᠦᠨᠳᠦᠰᠦᠲᠡᠨ ᠦ ᠣᠷᠤᠨ ᠨᠤᠲᠤᠭ ᠲᠦ᠍ ᠣᠯᠠᠨᠲᠠ ᠭᠦᠨᠵᠡᠭᠡᠢᠷᠡᠨ ᠰᠤᠷᠪᠤᠯᠵᠢᠯᠠᠭ᠎ᠠ ᠪᠠ ᠪᠠᠢᠴᠠᠭᠠᠨ ᠰᠤᠳᠤᠯᠤᠯᠲᠠ ᠬᠢᠵᠦ ᠲᠥᠪ ᠦ᠋ᠨ ᠤᠳᠤᠷᠢᠳᠬᠤ ᠪᠠᠢᠭᠤᠯᠭ᠎ᠠ ᠳᠤ ᠬᠢᠨᠠᠯᠲᠠ ᠪ ᠣᠯᠠᠨᠤ 《ᠳᠣᠲᠤᠭᠠᠳᠤ ᠵᠢᠨ ᠯᠠᠪᠯᠠᠯᠲᠠ》 ᠪᠠ ᠮᠡᠳᠡᠭᠡᠯᠡᠯ ᠣᠯᠠᠨ ᠪᠢᠴᠢᠵᠡᠢ᠃ 《ᠰᠦᠩ ᠭᠠᠩ ᠰᠢᠶᠠᠩ ᠤᠨ ᠬᠤᠪᠢᠰᠤᠩᠭᠤᠶ ᠠᠷᠭ᠎ᠠ》᠂ 《ᠰ᠌ᠧᠨᠵᠧᠨ ᠠ᠋᠂ ᠴᠥᠭᠡᠨ ᠲᠣᠭᠠᠨ ᠲᠦ᠍ ᠦᠨᠳᠦᠰᠦᠲᠡᠨ ᠦ ᠭᠠᠵᠠᠷ ᠣᠷᠤᠨ ᠲᠠᠨ ᠢ ᠤᠭ ᠲᠦ᠍ᠵᠤ ᠪᠠᠢᠨ᠎ᠠ》᠂ 《ᠲᠩᠷᠢ ᠵᠢᠨ ᠬᠠᠶᠠᠭ᠎ᠠ ᠭᠠᠵᠠᠷ ᠤᠨ ᠬᠢᠵᠠᠭᠠᠷ ᠲᠦ᠍ ᠪᠤᠭᠤ ᠡᠷᠭᠢᠵᠦ ᠭᠠᠷᠤᠯ᠎ᠠ》᠂ 《ᠡᠮᠦᠨᠡᠲᠦ ᠳᠦᠷ ᠢᠴᠠᠩ᠂ ᠤᠮᠠᠷ᠎ᠠ ᠲᠦ᠍ ᠳᠤᠷ ᠬᠠᠷᠠᠴᠢᠨ ᠵᠡᠭᠦᠨ ᠭᠠᠷ ᠤᠨ ᠬᠣᠢᠲᠤ ᠬᠣᠰᠢᠭᠤ ᠪᠣᠶ》᠂ 《ᠲᠠᠯ᠎ᠠ ᠨᠤᠲᠤᠭ ᠤᠨ ᠡᠮᠡᠭᠲᠡᠶ ᠰᠤᠷᠪᠤᠯᠵᠢᠯᠠᠭᠴᠢ ᠵᠢᠨ ᠠᠦᠰᠲ᠋ᠷᠠᠯᠢᠶ᠎ᠠ ᠳᠠᠬᠢ ᠠᠶᠠᠯᠠᠯ》 ᠵᠡᠷᠭᠡ ᠮᠡᠳᠡᠭᠡᠯᠡᠯ᠂ ᠲᠡᠮᠳᠡᠭᠯᠡᠯ ᠦᠨ ᠵᠠᠷᠢᠮ ᠨᠢ 《ᠠᠷᠠᠳ ᠤᠨ ᠡᠳᠦᠷ ᠦᠨ ᠰᠣᠨᠢᠨ》 ᠳᠤ ᠨᠡᠢᠲᠡᠯᠡᠭᠳᠡᠵᠦ ᠰᠢᠨᠬᠤᠸᠠ ᠬᠣᠷᠢᠶ᠎ᠠ ᠪᠠᠷ ᠨᠡᠪᠲᠡᠷᠡᠭᠦᠯᠦᠭᠳᠡᠵᠡᠢ᠃ ᠪᠠᠰᠠ 《ᠵᠣᠰᠣ ᠲᠦ᠍ ᠵᠢᠨ ᠵᠡᠭᠦᠨ ᠦ ᠰᠢᠭᠤᠷᠭ᠎ᠠ》 ᠭᠡᠬᠦ ᠨᠣᠮ ᠨᠠᠢᠷᠠᠭᠤᠯ ᠤᠨ ᠬᠡᠪᠯᠡᠭᠦᠯᠪᠡ᠃ ᠬᠡᠨᠠᠭᠰᠠᠨ ᠨᠣᠮ᠄ 《ᠳᠤᠮᠳᠠᠳᠤ ᠤᠯᠤᠰ ᠤᠨ ᠮᠣᠩᠭᠤᠯ ᠦᠨᠳᠦᠰᠦᠲᠡᠨ ᠦ ᠣᠳᠣᠨ ᠡᠮᠡᠭᠲᠡᠢ ᠴᠤ᠌ᠳ》 1998 ᠣᠨ ᠳᠤ ᠥᠪᠦᠷ ᠮᠣᠩᠭᠤᠯ ᠤ᠋ᠨ ᠠᠷᠠᠳ ᠤᠨ ᠬᠡᠪᠯᠡᠯ ᠦᠨ ᠬᠣᠷᠢᠶ᠎ᠠ
Copyight 2016 by nmgmzw.gov.cn All Rights Reserved