ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠠᠷᠠᠩ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠠᠷᠠᠩ ( 1924—— 1986 ) ᠨᠠᠢᠷᠠᠭᠤᠯᠤᠭᠴᠢ᠂ ᠣᠷᠴᠢᠭᠤᠯᠤᠭᠴᠢ᠃ ᠥᠪᠦᠷ ᠮᠣᠩᠭᠤᠯ ᠤ᠋ᠨ ᠪᠠᠭᠠᠷᠢᠨ ᠪᠠᠷᠠᠭᠤᠨ ᠬᠣᠰᠢᠭᠤᠨ ᠳᠤ ᠲᠥᠷᠦᠵᠡᠢ᠃ ᠤᠤᠯ ᠨᠡᠷ᠎ᠡ ᠨᠢ ᠰᠠᠷᠠᠩᠨᠠᠳᠮᠠᠳ᠃ 1946 ᠣᠨ ᠳᠤ ᠬᠤᠪᠢᠰᠭᠠᠯ ᠤ᠋ᠨ ᠠᠵᠢᠯ ᠳᠤ ᠣᠷᠤᠯᠴᠠᠵᠤ᠂ ᠪᠠᠭᠠᠷᠢᠨ ᠪᠠᠷᠠᠭᠤᠨ ᠬᠣᠰᠢᠭᠤᠨ ᠤ ᠳ᠋ᠠᠪᠠᠨ ᠨᠤᠲᠤᠭ ᠲᠤ᠌ ᠡᠳ᠋ ᠦᠨ ᠵᠠᠰᠠᠭ ᠠᠮᠤ ᠪᠤᠳᠠᠭᠠᠨ ᠤ   ᠲᠦ᠍ᠰᠠᠯᠠᠬᠤ ᠠᠵᠢᠯᠲᠠᠨ᠂ ᠴᠠᠭᠠᠨᠨᠠᠭᠤᠷ ᠨᠤᠲᠤᠭ  ᠤᠨ ᠨᠠᠷᠢᠨ ᠪᠢᠴᠢᠭᠡᠴᠢ ᠪᠡᠷ ᠠᠵᠢᠯᠯᠠᠵᠤ ᠪᠠᠢᠪᠠ᠃ 1950 ᠣᠨ ᠤ 11 ᠰᠠᠷ᠎ᠠ ᠳᠤ ᠥᠪᠦᠷ ᠮᠣᠩᠭᠤᠯ ᠤ᠋ᠨ ᠠᠷᠠᠳ  ᠤᠨ ᠵᠠᠰᠠᠭ  ᠤᠨ ᠣᠷᠳᠤᠨ ᠤ᠋ ᠨᠠᠢᠷᠠᠭᠤᠯᠬᠤ ᠣᠷᠴᠢᠭᠤᠯᠬᠤ ᠠᠵᠢᠯᠲᠠᠳ  ᠤᠨ ᠪᠣᠯᠪᠠᠰᠤᠷᠠᠯ  ᠤᠨ ᠠᠩᠭᠢ ᠳᠤ ᠣᠷᠤᠵᠤ᠂ ᠰᠤᠷᠤᠯᠭ᠎ᠠ ᠲᠡᠭᠦᠰᠦᠭᠰᠡᠨ ᠦ ᠬᠣ ᠰᠢᠨ᠎ᠡ ᠥᠪᠦᠷ ᠮᠣᠩᠭᠤᠯ ᠤ᠋ᠨ ᠠᠷᠠᠳ  ᠤᠨ ᠬᠡᠪᠯᠡᠯ ᠦᠨ ᠬᠣᠷᠢᠶᠠᠨ ᠳ᠋ᠤ᠌ ᠬᠤᠪᠢᠶᠠᠭᠳᠠᠨ ᠠᠵᠢᠯᠯᠠᠵᠤ᠂ ᠨᠠᠢᠷᠠᠭᠤᠯᠬᠤ ᠰᠠᠯᠠᠭᠠᠨ ᠤ ᠳᠡᠳ᠋ ᠰᠠᠯᠠᠭᠠᠨ ᠳᠠᠷᠤᠭ᠎ᠠ᠂ ᠮᠣᠩᠭᠤᠯ ᠤᠯᠤᠰ ᠲᠦᠷᠥ ᠣᠨᠤᠯ ᠤ᠋ᠨ ᠪᠢᠴᠢᠭ ᠨᠠᠢᠷᠠᠭᠤᠯᠬᠤ ᠲᠠᠰᠤᠭ᠂ ᠮᠠᠯ ᠲᠠᠷᠢᠶᠠᠯᠠᠩ  ᠤᠨ ᠪᠢᠴᠢᠭ ᠨᠠᠢᠷᠠᠭᠤᠯᠬᠤ ᠲᠠᠰᠤᠭ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦᠨ ᠪᠢᠴᠢᠭ ᠨᠠᠢᠷᠠᠭᠤᠯᠬᠤ ᠲᠠᠰᠤᠭ᠂ ᠰᠣᠶᠤᠯ ᠰᠤᠷᠭᠠᠨ ᠬᠥᠮᠦᠵᠢᠯ ᠦ᠋ᠨ ᠡᠷᠡᠭᠦᠯ ᠬᠠᠮᠠᠭᠠᠯᠠᠯ  ᠤᠨ ᠪᠢᠴᠢᠭ ᠨᠠᠢᠷᠠᠭᠤᠯᠬᠤ ᠲᠠᠰᠤᠭ᠂ ᠤᠳᠭ᠎ᠠ ᠵᠣᠬᠢᠶᠠᠯ ᠤᠷᠠᠯᠢᠭ  ᠤᠨ ᠪᠢᠴᠢᠭ ᠨᠠᠢᠷᠠᠭᠤᠯᠬᠤ ᠲᠠᠰᠤᠭ    ᠲᠦ᠍ ᠤᠷᠢᠳ ᠬᠣᠵᠢᠳ ᠡᠷᠬᠢᠯᠡᠭᠴᠢ  ᠵᠢᠨ    ᠲᠤᠰᠢᠶᠠᠯ ᠬᠠᠷᠢᠭᠤᠴᠠᠵᠤ ᠪᠠᠢᠪᠠ᠃ ᠲᠡᠭᠦᠨ ᠦ ᠣᠷᠴᠢᠭᠤᠯᠤᠭᠰᠠᠨ ᠮᠠᠤ ᠽᠸ ᠳ᠋ᠦᠩ ᠦᠨ ᠵᠣᠬᠢᠶᠠᠯ 《 ᠭᠣᠮᠢᠨᠳᠠᠩ  ᠤᠨ ᠲᠥᠪ ᠸᠧᠶᠢᠶᠤᠸᠠᠨᠾᠤᠶ  ᠵᠢᠨ ᠠᠷᠪᠠᠨ ᠨᠢᠭᠡᠳᠦᠭᠡᠷ ᠪᠦᠭᠦᠳᠡ ᠬᠤᠷᠠᠯᠳᠤᠭᠠᠨ ᠪᠠ ᠭᠤᠷᠪᠠᠳᠤᠭᠠᠷ ᠬᠤᠭᠤᠴᠠᠭᠠᠨ ᠤ ᠢᠷᠭᠡᠨ ᠦ ᠤᠯᠤᠰ ᠲᠦᠷᠥ  ᠵᠢᠨ ᠬᠤᠷᠠᠯ  ᠤᠨ ᠬᠣᠶᠠᠳᠤᠭᠠᠷ ᠤᠳᠠᠭ᠎ᠠ  ᠵᠢᠨ ᠬᠤᠷᠠᠯᠳᠤᠭᠠᠨ ᠢ ᠰᠢᠭᠦᠮᠵᠢᠯᠡᠬᠦ ᠨᠢ》᠂ 《ᠠᠵᠤ ᠠᠬᠤᠶ  ᠵᠢᠨ ᠠᠵᠢᠯ ᠢ ᠡᠷᠬᠡᠪᠰᠢ ᠬᠢᠵᠦ ᠰᠤᠷᠬᠤ ᠬᠡᠷᠡᠭᠲᠡᠶ》᠂ 《ᠠᠮᠧᠷᠢᠺᠠ  ᠵᠢᠨ ᠰᠤᠷᠪᠤᠯᠵᠢᠯᠠᠭᠴᠢ ᠠᠨᠨᠠ . ᠯᠦᠶᠢᠰ᠂ ᠰ?ᠷᠣᠩ ᠲᠠᠢ ᠶᠠᠷᠢᠯᠴᠠᠭᠰᠠᠨ ᠨᠢ》᠂ ᠵᠢᠴᠢ ᠤᠷᠠᠨ ᠵᠣᠬᠢᠶᠠᠯ  ᠤᠨ ᠪᠦᠲᠦᠭᠡᠯ ᠡᠴᠡ 《ᠰᠠᠷᠠᠭᠤᠯ ᠨᠤᠲᠤᠭ》᠂ 《ᠬᠥᠬᠡ    ᠲᠤᠭ》᠂ 《ᠬᠠᠲᠠᠭᠤ ᠪᠡᠷᠬᠡ ᠡᠳᠦᠷ ᠦᠳ ᠲᠦ》᠂ 《ᠦᠷ ᠦᠨ ᠲᠣ ᠯᠦ᠍ᠩ》 ᠮᠡᠲᠦ  ᠵᠢᠨ ᠪᠢᠴᠢᠭ ᠣᠷᠴᠢᠭᠤᠯᠭ᠎ᠠ  ᠵᠢᠨ ᠣᠨᠤᠪᠴᠢ᠂ ᠤᠷᠠᠯᠢᠭ  ᠤᠨ ᠰᠢᠳᠢ ᠪᠡᠷ ᠢᠶᠡᠨ ᠤᠩᠰᠢᠭᠴᠢᠳ    ᠲᠦ᠍ ᠪᠢᠰᠢᠷᠡᠭᠳᠡᠵᠡᠢ᠃ 《ᠨᠠᠮ  ᠤᠨ  ᠲᠤᠰᠭᠠᠢ ᠥᠭᠦᠯᠡᠬᠦ ᠨᠢ》᠂ 《ᠡᠪ ᠬᠠᠮᠲᠤ ᠨᠠᠮ  ᠤᠨ ᠭᠡᠰᠢᠭᠦᠨ ᠦ ᠪᠣᠯᠪᠠᠰᠤᠷᠠᠯ  ᠤᠨ  ᠲᠤᠰᠭᠠᠢ》᠂ 《ᠨᠡᠢᠭᠡᠮ ᠦᠨ ᠰᠢᠨᠵᠢᠯᠡᠬᠦ ᠤᠬᠠᠭᠠᠨ ᠤ ᠦᠨᠳᠦᠰᠦᠨ ᠮᠡᠳᠡᠯᠭᠡ  ᠵᠢᠨ  ᠲᠤᠰᠭᠠᠢ ᠶᠠᠷᠢᠶ᠎ᠠ》᠂ 《ᠪᠣᠳᠠᠰᠴᠢ ᠦᠵᠡᠯ ᠪᠠ ᠲᠡᠦᠬᠡ  ᠵᠢᠨ ᠪᠣᠳᠠᠰᠴᠢ ᠦᠵᠡᠯ ᠦᠨ ᠬᠥᠲᠦᠯᠪᠦᠷᠢ》᠂ 《ᠰ᠌ᠦᠶ ᠬᠣ  ᠵᠢᠨ ᠦᠯᠢᠭᠡᠷ》᠂ 《ᠯᠢ ᠽᠢ ᠴᠧᠩ》᠂ 《ᠬᠡᠭᠡᠷ᠎ᠡ  ᠵᠢᠨ ᠡᠪᠡᠰᠦ》 ᠵᠡᠷᠭᠡ 1500 ᠲᠦᠮᠡᠨ ᠦᠰᠥᠭ ᠪᠦᠬᠦᠶ 200 ᠢᠯᠡᠭᠦᠦ ᠵᠦᠢᠯ ᠦᠨ ᠡᠯ᠎ᠡ ᠲᠥᠷᠦᠯ ᠦ᠋ᠨ ᠡᠬᠡ ᠪᠢᠴᠢᠭ ᠢ ᠬᠢᠨᠠᠨ ᠰᠢᠭᠦᠵᠦ ᠬᠡᠪᠯᠡᠭᠦᠯᠦᠭᠰᠡᠨ ᠪᠥᠭᠡᠳ ᠮᠠᠷᠠᠨᠰᠢᠰᠮ ᠯᠧᠨᠢᠨᠢᠰᠮ ᠦᠨ ᠰᠣᠩᠭᠤᠳᠠᠭ ᠵᠣᠬᠢᠶᠠᠯ  ᠤᠨ ᠮᠣᠩᠭᠤᠯ ᠣᠷᠴᠢᠭᠤᠯᠭ᠎ᠠ ᠶᠢ ᠬᠢᠨᠠᠨ ᠵᠠᠰᠠᠵᠤ ᠬᠡᠪᠯᠡᠭᠦᠯᠦᠭᠰᠡᠨ ᠭᠠᠪᠢᠶ᠎ᠠ ᠲᠠᠢ᠃ ᠨᠠᠷᠢᠨ ᠨᠢᠭᠲᠠ᠂ ᠴᠢᠩᠭ᠎ᠠ ᠨᠢᠮᠪᠠᠶ᠂ ᠴᠢᠬᠡᠴᠢ ᠰᠢᠯᠤᠭ ᠤᠨ ᠠᠵᠢᠯ  ᠤᠨ ᠰᠤᠷᠲᠠᠯ ᠲᠠᠢ᠃ ᠬᠡᠪᠯᠡᠯ ᠦᠨ ᠠᠵᠢᠯ ᠢ ᠨᠠᠰ ᠤᠨ ᠤ ᠦᠢᠯᠡᠰ ᠢᠶᠡᠨ ᠪᠣᠯᠭᠠᠭᠰᠠᠨ ᠲᠡᠷᠡ ᠪᠡᠷ ᠦᠨᠳᠦᠰᠦᠲᠡᠨ ᠦ ᠰᠣᠶᠤᠯ ᠤ᠋ᠨ ᠥᠪ ᠬᠥᠷᠦᠩᠭᠡ ᠶ᠋ᠢ  ᠴᠤ᠌ᠭᠯᠠᠭᠤᠯᠵᠤ᠂ ᠡᠮᠬᠢᠳᠭᠡᠨ ᠬᠡᠪᠯᠡᠭᠦᠯᠬᠦ ᠲᠠᠯ᠎ᠠ ᠪᠠᠷ ᠪᠠᠶᠠᠲᠠᠨ ᠴᠢᠷᠮᠠᠢᠵᠤ ᠴᠢᠬᠤᠯᠠ ᠡᠬᠡ ᠪᠢᠴᠢᠭ ᠢ ᠡᠯᠰᠡᠬᠦ ᠡᠴᠡ ᠬᠢᠨᠠᠨ ᠲᠣᠭᠲᠠᠭᠠᠬᠤ ᠳᠤ ᠬᠦ ᠴᠤ᠌ ᠬᠥᠯᠦᠰᠦ ᠭᠠᠷᠭᠠᠨ ᠬᠤᠪᠢ ᠨᠡᠮᠡᠷᠢ ᠦᠵᠡᠭᠦᠯᠪᠡ᠃ ᠲᠡᠷᠡ ᠠᠵᠢᠯ  ᠤᠨ ᠴᠢᠳᠠᠪᠤᠷᠢ᠂ ᠬᠢᠷᠢ ᠬᠡᠮ ᠢᠶᠡᠷ ᠢᠶᠡᠨ ᠨᠡᠢᠭᠡᠮ ᠨᠡᠢᠲᠡ ᠳᠦ ᠲᠠᠨᠢᠭᠳᠠᠵᠤ᠂ 1954 ᠣᠨ ᠳᠤ ᠥᠪᠦᠷ ᠮᠣᠩᠭᠤᠯ ᠤ᠋ᠨ ᠠᠷᠠᠳ  ᠤᠨ ᠬᠡᠪᠯᠡᠯ ᠦᠨ ᠬᠣᠷᠢᠶᠠᠨ ᠤ᠋ ᠲᠡᠷᠢᠭᠦᠨ ᠦ ᠠᠵᠢᠯᠲᠠᠨ ᠢᠶᠠᠷ ᠰᠣᠩᠭᠤᠭᠳᠠᠵᠤ᠂ . 1957 ᠣᠨ ᠳᠤ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠰᠤᠷ ᠴᠤ᠌ ᠬᠡᠷᠡᠭᠯᠡᠭᠰᠡᠨ ᠲᠡᠷᠢᠭᠦᠨ ᠰ᠌ᠠᠩ ᠢ   ᠲᠦ᠍ᠰᠴᠠᠶ᠃ 《ᠰᠣᠶᠤᠯ ᠤ᠋ᠨ ᠶᠡᠬᠡ ᠬᠤᠪᠢᠰᠭᠠᠯ》  ᠤᠨ ᠠᠷᠪᠠᠨ ᠵᠢᠯ ᠦᠨ ᠰᠠᠮᠠᠭᠤᠷᠠᠯ ᠳᠤ ᠬᠢᠯᠢᠰ ᠢᠶᠡᠷ ᠠᠪᠲᠠᠭᠳᠠᠵᠤ᠂ ᠬᠥᠳᠡᠭᠡ ᠪᠠᠭᠤᠵᠤ ᠦᠢᠯᠡ ᠲᠠᠮᠤ ᠠᠮᠰᠠᠭᠰᠠᠨ ᠪᠣᠯᠪᠠ ᠴᠤ᠌ 1974 ᠣᠨ ᠳᠤ ᠬᠡᠪᠯᠡᠯ ᠦᠨ ᠬᠣᠷᠢᠶᠠᠨ ᠳ᠋ᠤ᠌ ᠪᠤᠴᠠᠵᠤ ᠢᠷᠡᠭᠰᠡᠨ ᠡᠴᠡ ᠬᠣᠢᠰᠢ ᠨᠠᠢᠷᠠᠭᠤᠯᠬᠤ ᠬᠡᠷ ᠦᠨ ᠡᠷᠬᠢᠯᠡᠭᠴᠢ  ᠵᠢᠨ ᠠᠵᠢᠯ ᠢᠶᠠᠨ ᠵᠠᠯᠭᠠᠨ ᠬᠢᠬᠦ  ᠵᠢᠨ ᠬᠠᠮᠲᠤ᠂ ᠡᠪᠡᠳᠴᠢᠨ ᠡᠮᠭᠡᠭ ᠲᠡᠢ ᠲᠡᠮᠡᠴᠡᠵᠦ᠂ ᠳᠤᠮᠳᠠᠳᠤ ᠤᠯᠤᠰ  ᠤᠨ ᠣᠢᠷ᠎ᠠ ᠦᠶ᠎ᠡ  ᠵᠢᠨ ᠠᠯᠳᠠᠷ   ᠲᠦ᠍ ᠤᠷᠠᠨ ᠵᠣᠬᠢᠶᠠᠯ᠂ ᠹᠧᠩ ᠮᠧᠩ ᠯᠦᠩ ᠦᠨ 《ᠭᠤᠷᠪᠠᠨ ᠰᠤᠷᠭᠠᠯ》᠂ 《 ᠶᠢᠷᠲᠢᠨᠴᠦ ᠶᠢ ᠬᠡᠬᠡᠷᠡᠭᠦᠯᠬᠦ ᠮᠡᠷᠭᠡᠨ ᠰᠤᠷᠭᠠᠯ》᠂ 《 ᠶᠢᠷᠲᠢᠨᠴᠦ  ᠶ᠋ᠢ ᠰᠡᠷᠡᠮᠵᠢᠯᠡᠭᠦᠯᠬᠦ ᠨᠡᠪᠲᠡᠷᠬᠡᠶ ᠰᠤᠷᠭᠠᠯ》᠂ 《 ᠶᠢᠷᠲᠢᠨᠴᠦ ᠶᠢ ᠰᠡᠩᠬᠡᠷᠡᠭᠦᠯᠬᠦ ᠮᠥᠩᠬᠡ   ᠵᠢᠨ ᠰᠤᠷᠭᠠᠯ》 ᠢ ᠰ᠌ᠠᠯᠠᠪᠲᠠᠨ ᠣᠷᠴᠢᠭᠤᠯᠵᠤ᠂ 《ᠡᠷᠲᠡ ᠡᠳᠦᠭᠡᠬᠢ  ᠵᠢᠨ ᠦᠯᠢᠭᠡᠷ》 ᠭᠡᠳᠡᠭ ᠨᠡᠷ᠎ᠡ ᠪᠡᠷ ᠳᠡᠭᠡᠳᠦ ᠳᠡᠪᠲᠡᠷ ᠢ ᠣᠷᠴᠢᠭᠤᠯᠵᠤ ᠪᠠᠷᠠᠭᠠᠳ ᠬᠡᠪᠯᠡᠯ ᠳᠦ   ᠲᠦ᠍ᠰᠢᠶᠠᠵᠠᠶ᠃ ᠬᠣᠶᠠᠳᠤᠭᠠᠷ ᠳᠡᠪᠲᠡᠷ 《 ᠶᠢᠷᠲᠢᠨᠴᠦ ᠶᠢ ᠰᠡᠷᠡᠮᠵᠢᠯᠡᠭᠦᠯᠬᠦ ᠨᠡᠪᠲᠡᠷᠬᠡᠶ ᠰᠤᠷᠭᠠᠯ》  ᠤᠨ ᠭᠤᠲᠠᠭᠠᠷ ᠪᠦᠯᠦᠭ ᠢ ᠣᠷᠴᠢᠭᠤᠯᠵᠤ ᠪᠠᠢᠭᠰᠠᠨ ᠬᠤᠭᠤᠴᠠᠭᠠᠨ ᠳᠤ ᠭᠡᠨᠡᠳᠲᠡ ᠪᠡᠷ ᠨᠠᠰᠤ ᠪᠠᠷᠠᠪᠠ᠃ ᠰᠠᠷᠠᠩ ᠪᠣᠯ ᠣᠯᠠᠨ ᠲᠠᠯ᠎ᠠ  ᠵᠢᠨ ᠮᠡᠳᠡᠯᠭᠡ ᠮᠡᠷᠭᠡᠵᠢᠯ ᠢ ᠡᠵᠡᠮᠰᠢᠭᠰᠡᠨ᠂ ᠣᠷᠴᠢᠭᠤᠯᠭ᠎ᠠ ᠬᠵᠢᠨᠠᠯᠭ᠎ᠠ ᠳᠤ ᠮᠡᠷᠭᠡᠰᠢᠭᠰᠡᠨ ᠨᠢᠭᠡᠨ ᠦᠶ᠎ᠡ  ᠵᠢᠨ ᠠᠬᠠᠮᠠᠳ ᠨᠠᠢᠷᠠᠭᠤᠯᠤᠭᠴᠢ᠂ ᠣᠷᠴᠢᠭᠤᠯᠤᠭᠴᠢ ᠮᠥᠨ᠃ ᠲᠥᠪ ᠡᠴᠡ ᠣᠯᠠᠨ ᠤᠳᠠᠭ᠎ᠠ ᠨᠡᠷ᠎ᠡ ᠳᠤᠷᠠᠳ ᠤᠨ ᠠᠪᠠᠴᠢᠵᠤ᠂ ᠪᠦᠬᠥ ᠤᠯᠤᠰ  ᠤᠨ ᠠᠷᠠᠳ  ᠤᠨ ᠲᠥᠯᠦᠭᠡᠯᠡᠭᠴᠢᠳ ᠦ᠋ᠨ ᠶᠡᠬᠡ ᠬᠤᠷᠠᠯ᠂ ᠪᠦᠬᠥ ᠤᠯᠤᠰ  ᠤᠨ ᠨᠠᠮ  ᠤᠨ ᠲᠥᠯᠦᠭᠡᠯᠡᠭᠴᠢᠳ ᠦ᠋ᠨ ᠶᠡᠬᠡ ᠬᠤᠷᠠᠯ  ᠤᠨ ᠪᠢᠷ ᠣᠷᠴᠢᠭᠤᠯᠭ᠎ᠠ ᠪᠠ ᠠᠮᠠ ᠣᠷᠴᠢᠭᠤᠯᠭ᠎ᠠ ᠬᠢᠯᠭᠡᠵᠦ᠂ ᠨᠠᠮ ᠲᠦᠷᠥ  ᠵᠢᠨ ᠵᠠᠷᠢᠮ ᠤᠳᠤᠷᠢᠳᠬᠤ ᠨᠤᠭᠤᠳ ᠤ᠋ᠨ ᠰᠠᠢᠰᠢᠶᠠᠯ ᠮᠠᠭᠲᠠᠭᠠᠯ ᠢ ᠬᠦᠷᠲᠡᠵᠦ ᠶᠠᠪᠤᠵᠠᠢ᠃ ( ᠣᠶ ᠤᠨ )