ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠸᠳᠤᠷᠵᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠸᠳᠤᠷᠵᠢ ( 1925——1996 ) ᠥᠭᠡᠷ᠎ᠡ ᠨᠡᠷ᠎ᠡ ᠨᠢ ᠯᠢᠦ ᠵᠢᠩ ᠸᠧᠨ᠂ ᠨᠠᠢᠷᠠᠭᠤᠯᠤᠭᠴᠢ᠂ ᠰᠤᠳᠤᠯᠤᠭᠴᠢ᠂ ᠣᠷᠴᠢᠭᠤᠯᠤᠭᠴᠢ᠂ ᠥᠪᠦᠷ ᠮᠣᠩᠭᠤᠯ ᠤ᠋ᠨ ᠬᠣᠷᠴᠢᠨ ᠵᠡᠭᠦᠨ ᠭᠠᠷ ᠤᠨ ᠳᠤᠮᠳᠠᠳᠤ ᠬᠣᠰᠢᠭᠤᠨ ᠤ ᠬᠥᠮᠦᠨ᠃ ᠪᠠᠭ᠎ᠠ  ᠵᠢᠨ ᠦᠶ᠎ᠡ ᠳᠦ ᠬᠡᠷ ᠦᠨ ᠰᠤᠷᠭᠠᠭᠤᠯᠢ ᠪᠠ ᠳᠠᠷᠬᠠᠨ ᠸᠠᠩ  ᠤᠨ ᠠᠯᠪᠠᠨ ᠰᠤᠷᠭᠠᠭᠤᠯᠢ ᠳᠤ ᠰᠤᠷᠤᠯᠴᠠᠵᠤ᠂ 1941 ᠣᠨ ᠳᠤ ᠴᠠᠩᠴ ᠤᠨ ᠤ 《ᠬᠥᠬᠡ    ᠲᠤᠭ》 ᠰᠣᠨᠢᠨ ᠤ ᠬᠣᠷᠢᠶ᠎ᠠ ᠳᠤ ᠮᠣᠩᠭᠤᠯ ᠠᠵᠢᠯᠴᠢᠨ ᠪᠣᠯᠵᠤ᠂ ᠵᠠᠪᠰᠢᠶᠠᠨ ᠢᠶᠠᠷ ᠮᠣᠩᠭᠤᠯ ᠰᠣᠶᠤᠯ ᠤ᠋ᠨ ᠵᠢᠳᠭᠦᠯᠲᠡᠨ ᠬᠡᠰᠢᠩᠭᠡ ᠠᠪᠤᠭᠠᠶ ᠲᠠᠢ ᠲᠠᠨᠢᠯᠴᠠᠵᠤ᠂ 1943 ᠣᠨ ᠤ 4 ᠰᠠᠷ᠎ᠠ ᠳᠤ ᠬᠡᠰᠢᠩᠭᠡ ᠠᠪᠤᠭᠠᠶ  ᠵᠢᠨ ᠡᠭᠦᠳᠦᠨ ᠪᠠᠢᠭᠤᠯᠤᠭᠰᠠᠨ ᠮᠣᠩᠭᠤᠯ ᠬᠡᠯᠡᠨ ᠦ ᠨᠠᠢᠷᠠᠭᠤᠯᠵᠤ ᠣᠷᠴᠢᠭᠤᠯᠬᠤ ᠲᠢᠩᠬᠢᠮ ᠳᠦ ᠠᠵᠢᠯᠯᠠᠵᠤ᠂ ᠰᠣᠶᠤᠯ ᠮᠡᠳᠡᠯᠭᠡ  ᠵᠢᠨ ᠲᠦᠪᠰᠢᠨ ᠢᠶᠡᠨ ᠳᠡᠭᠡᠭᠰᠢᠯᠡᠭᠦᠯᠪᠡ᠃ 1945 ᠣᠨ ᠳᠤ ᠬᠤᠪᠢᠰᠭᠠᠯ ᠳ᠋ᠤ᠌ ᠣᠷᠤᠵᠤ᠂ 1946 ᠣᠨ ᠳᠤ ᠵᠡᠭᠦᠨ ᠬᠣᠢᠲᠤ  ᠵᠢᠨ ᠠᠷᠠᠳᠴᠢᠯᠠᠭᠰᠠᠨ ᠬᠣᠯᠪᠤᠭᠠᠨ   ᠲᠦ᠍ ᠴᠡᠷᠢᠭ ᠲᠦ ᠣᠷᠤᠵᠤ᠂ ᠳᠡᠮᠡᠶ ᠤᠳᠠᠯ ᠦᠬᠡᠶ ᠠᠵᠢᠯᠴᠢᠨ ᠴᠡᠷᠢᠭ ᠦᠨ ᠰᠤᠷᠭᠠᠭᠤᠯᠢ ᠳᠤ ᠤᠬᠠᠭᠤᠯᠬᠤ ᠠᠵᠢᠯ ᠬᠢᠪᠡ᠃ 1947 ᠣᠨ ᠳᠤ ᠳᠤᠮᠳᠠᠳᠤ ᠤᠯᠤᠰ  ᠤᠨ ᠡᠪ ᠬᠠᠮᠲᠤ ᠨᠠᠮ ᠳᠤ ᠣᠷᠤᠪᠠ᠃ ᠲᠤᠰ ᠵᠢᠯ ᠳᠡᠭᠡᠨ 《ᠥᠪᠡᠷᠲᠡᠭᠡᠨ ᠵᠠᠰᠠᠬᠤ ᠥᠪᠦᠷ ᠮᠣᠩᠭᠤᠯ ᠰᠣᠨᠢᠨ》 ᠤ ᠬᠣᠷᠢᠶ᠎ᠠ ( 1948 ᠣᠨ ᠳᠤ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠣᠷᠢᠶ᠎ᠠ ᠪᠣᠯᠪᠠ ) ᠳᠤ ᠠᠵᠢᠯ ᠰᠢᠯᠵᠢᠨ ᠢᠷᠠᠵᠤ᠂ 1961 ᠣᠨ ᠪᠣᠯᠲᠠᠯ᠎ᠠ ᠤᠷᠢᠳ ᠬᠣᠵᠢᠳ ᠠᠵᠢᠯᠲᠠᠨ ᠤ ᠠᠵᠢᠯ᠂ ᠨᠠᠢᠷᠠᠭᠤᠯᠤᠭᠴᠢ᠂ ᠰᠤᠷᠪᠤᠯᠵᠢᠯᠠᠭᠴᠢ᠂ ᠦᠨᠳᠦᠰᠦᠲᠡᠨ ᠦ ᠬᠡᠯᠲᠡᠰ ᠦᠨ ᠳᠡᠳ᠋ ᠡᠷᠬᠢᠯᠡᠭᠴᠢ ᠵᠡᠷᠭᠡ ᠠᠵᠢᠯ  ᠤᠨ ᠪᠠᠢᠷᠢ ᠳᠤ ᠪᠠᠢᠵᠤ᠂ ᠰᠣᠨᠢᠨ ᠳᠡᠭᠡᠷ᠎ᠡ ᠮᠡᠳᠡᠭᠡ ᠴᠢᠮᠡᠭᠡ᠂ ᠴᠢᠮᠡᠭᠡᠯᠡᠯ ᠰᠤᠷᠪᠤᠯᠵᠢᠯᠠᠭ᠎ᠠ ᠪᠠ ᠶᠠᠷᠢᠶ᠎ᠠ ᠥᠭᠦᠯᠡᠯ ᠦ᠋ᠨ ᠵᠣᠬᠢᠶᠠᠯ ᠤᠳ ᠢ ᠨᠠᠢᠳᠠᠯᠠᠪᠠ᠃ ᠰᠣᠨᠢᠨ ᠮᠡᠳᠡᠭᠡᠨ ᠦ ᠪᠦᠲᠦᠭᠡᠯ ᠦᠳ ᠲᠦᠨᠢ 《 ᠵᠠᠮ᠎ᠠ ᠶᠠᠷ᠎ᠠ ᠡᠪᠡᠳᠴᠢᠨ ᠢ ᠡᠮᠨᠡᠭᠰᠡᠨ ᠬᠣ ᠰᠢᠨ᠎ᠡ ᠮᠠᠯᠴᠢᠳ  ᠤᠨ ᠬᠥᠮᠦᠨ ᠠᠮᠠ ᠨᠡᠮᠡᠭᠳᠡᠵᠦ ᠪᠠᠢᠭ᠎ᠠ ᠨᠢ》᠂ 《ᠵᠢᠷᠭᠠᠯ  ᠤᠨ ᠵᠠᠮ ᠳᠠᠭᠠᠨ ᠣᠷᠤᠭᠰᠠᠨ ᠮᠠᠯᠴᠢᠳ》᠂ 《ᠪᠠᠶᠠᠷ   ᠲᠦ᠍ ᠠᠭᠤᠯᠵᠠᠯᠲᠠ》᠂ 《ᠮᠠᠨᠳᠠᠷᠸ᠎ᠠ ᠲᠠᠬᠢᠵᠤ ᠤᠷᠤᠭᠯᠠᠪᠠ》᠂ 《ᠬᠤᠪᠢᠷᠠᠭᠰᠠᠨ ᠴᠡᠯᠪᠡᠴᠢ ᠭᠠᠴᠠᠭ᠎ᠠ》᠂ 《ᠰᠢᠭᠤᠶ ᠬᠠᠮᠠᠭᠠᠯᠠᠬᠤ ᠹᠷᠣᠨᠲ ᠳᠡᠭᠡᠷᠡᠬᠢ ᠰᠣᠯᠤᠨ ᠡᠮᠡᠭᠲᠡᠢ ᠴᠤ᠌ᠳ》᠂ 《ᠬᠣᠶ  ᠵᠢᠨ ᠭᠣᠣᠯ ᠢᠶᠠᠷ ᠲᠣᠭᠤᠷᠢᠭᠰᠠᠨ ᠲᠡᠮᠳᠡᠭᠯᠡᠯ》 ᠵᠡᠷᠭᠡ ᠪᠣᠶ᠃ ᠰᠣᠨᠢᠨ ᠤ ᠬᠣᠷᠢᠶᠠᠨ ᠳ᠋ᠤ᠌ ᠠᠵᠢᠯᠯᠠᠵᠤ ᠪᠠᠢᠬᠤ ᠳᠠᠭᠠᠨ ᠪᠦᠭᠦᠳᠡ ᠨᠠᠢᠷᠠᠮᠳᠠᠬᠤ ᠮᠣᠩᠭᠤᠯ ᠠᠷᠠᠳ ᠤᠯᠤᠰ  ᠤᠨ ?᠂ ᠨᠠ ᠴᠤ᠌ᠭᠳᠣᠷᠵᠢ   ᠵᠢᠨ 《ᠰᠦᠬᠡᠪᠠᠭᠠᠲᠤᠷ ᠤ᠋ᠨ ᠨᠠᠮᠲᠠᠷ》᠂ ᠴᠠᠳᠠᠮᠪᠠᠯ  ᠤᠨ 《ᠴᠣᠢᠪᠠᠯᠰᠠᠩ ᠨᠥᠬᠦᠷ ᠦ᠋ᠨ ᠦᠢᠯᠡᠰ ᠬᠢᠭᠡᠳ ᠠᠮᠢᠳᠤᠷᠠᠯ》᠂ ᠨᠠᠸᠠᠩᠨᠠᠮᠵᠢᠯ  ᠤᠨ 《ᠵᠣᠷᠢᠭ   ᠲᠦ᠍ ᠪᠠᠭᠠ   ᠲᠦ᠍ᠷ ᠲᠣᠭᠲᠠᠬᠤ》᠂ ? . ᠰᠡᠩᠭᠡ  ᠵᠢᠨ 《ᠠᠶᠸᠰᠢ》᠂ ᠯᠦ᠍ᠳᠤᠢᠳᠠᠮᠪᠠ   ᠵᠢᠨ 《ᠠᠯᠲᠠᠶ ᠳᠤ》᠂ ᠤ . ᠷᠵᠢᠨᠴᠢᠨ ᠦ 《ᠦᠷ ᠦᠨ   ᠲᠦ᠍ᠶᠠᠭ᠎ᠠ》᠂ ( ᠨᠢᠭᠡᠳᠦᠭᠡᠷ ᠳᠡᠪᠲᠡᠷ )᠂ ? . ᠭᠠᠳᠠᠮᠪᠠ  ᠵᠢᠨ 《ᠲᠠᠯ᠎ᠠ ᠨᠤᠲᠤᠭ  ᠤᠨ ᠪᠠᠶᠠᠰᠤᠯ》 ᠵᠡᠷᠭᠡ    ᠲᠤᠭᠤᠵᠢ᠂ ᠷᠣᠮᠠᠨ ᠢ ᠣᠷᠴᠢᠭᠤᠯ ᠤᠨ ᠬᠡᠪᠯᠡᠭᠦᠯᠪᠡ᠃ 1962 ᠣᠨ ᠳᠤ ᠥᠪᠦᠷ ᠮᠣᠩᠭᠤᠯ ᠤ᠋ᠨ ᠬᠡᠯᠡ ᠲᠡᠦᠬᠡ ᠰᠤᠳᠤᠯᠬᠤ ᠭᠠᠵᠠᠷ ᠠᠵᠢᠯ ᠰᠢᠯᠵᠢᠵᠦ᠂ ᠤᠷᠢᠳ ᠬᠣᠵᠢᠳ ᠤᠳᠭ᠎ᠠ ᠵᠣᠬᠢᠶᠠᠯ ᠰᠤᠳᠤᠯᠬᠤ ᠭᠠᠵᠠᠷ  ᠤᠨ ᠳᠡᠳ᠋ ᠭᠠᠵᠠᠷ  ᠤᠨ ᠳᠠᠷᠤᠭ᠎ᠠ᠂ ᠵᠥᠪᠯᠡᠭᠴᠢ   ᠵᠢᠨ    ᠲᠤᠰᠢᠶᠠᠯ ᠬᠠᠷᠢᠭᠤᠴᠠᠵᠤ᠂ ᠰᠤᠳᠤᠯᠤᠭᠴᠢ  ᠵᠢᠨ ᠮᠡᠷᠭᠡᠵᠢᠯ ᠦᠨ ᠴᠣᠯᠠ ᠣᠯᠪᠠ᠃ ᠥᠪᠦᠷ ᠮᠣᠩᠭᠤᠯ ᠤ᠋ᠨ ᠤᠳᠭ᠎ᠠ ᠵᠣᠬᠢᠶᠠᠯ ᠰᠤᠳᠤᠯᠬᠤ ᠭᠠᠵᠠᠷ ᠪᠠ ᠬᠣᠵᠢᠮ  ᠤᠨ ᠪᠠᠢᠭᠤᠯᠤᠭᠳᠠᠭᠰᠠᠨ ᠥᠪᠦᠷ ᠮᠣᠩᠭᠤᠯ ᠤ᠋ᠨ ᠨᠡᠢᠭᠡᠮ ᠦᠨ ᠰᠢᠨᠵᠢᠯᠡᠬᠦ ᠤᠬᠠᠭᠠᠨ ᠤ ᠬᠦᠷᠢᠶᠡᠯᠡᠩ ᠳᠦ ᠠᠵᠢᠯᠯᠠᠭᠰᠠᠨ ᠭᠤᠴᠢ ᠭᠠᠷᠤᠶ ᠵᠢᠯ ᠦᠨ   ᠲᠦ᠍ᠷᠰᠢ᠂ ᠥᠪᠦᠷ ᠮᠣᠩᠭᠤᠯ ᠤ᠋ᠨ ᠮᠣᠩᠭᠤᠯ ᠤᠳᠭ᠎ᠠ ᠵᠣᠬᠢᠶᠠᠯ  ᠤᠨ ᠰᠤᠳᠤᠯᠭᠠᠨ ᠤ ᠨᠡᠢᠭᠡᠮᠯᠢᠭ ᠢ ᠪᠠᠢᠭᠤᠯᠬᠤ ᠠᠵᠢᠯ ᠳᠤ ᠭᠣᠣᠯᠳᠠᠯᠠᠨ ᠣᠷᠤᠯᠴᠠᠵᠤ᠂ ᠮᠣᠩᠭᠤᠯ ᠠᠯᠳᠠᠷ   ᠲᠦ᠍ ᠲᠤᠤᠯᠢᠰ 《ᠵᠢᠩᠭᠠᠷ》 ᠢ ᠬᠢᠲᠠᠳᠴᠢᠯᠠᠵᠤ᠂ 《ᠮᠣᠩᠭᠤᠯ ᠦᠨᠳᠦᠰᠦᠲᠡᠨ ᠦ ᠤᠳᠭ᠎ᠠ ᠵᠣᠬᠢᠶᠠᠯ》 ᠵᠡᠷᠭᠡ ᠨᠣᠮ ᠢ ᠬᠡᠪᠯᠡᠭᠦᠯᠪᠡ᠃