ᠨᠡᠷ᠎ᠡ:
ᠰᠠᠨᠳᠠᠭᠰᠦᠷᠦᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
( 1959 ~ ) ᠰᠡᠳᠭᠦᠯᠴᠢ᠃ ᠮᠣᠩᠭᠤᠯ ᠤᠯᠤᠰ ᠤᠨ ᠲᠥᠪ ᠠᠢᠮᠠᠭ ᠤᠨ ᠪᠠᠶᠠᠨᠴᠠᠭᠠᠨ ᠰᠤᠮᠤ ᠵᠢᠨ ᠨᠤᠲᠤᠭ ᠲᠦ᠍ ᠲᠥᠷᠦᠵᠡᠢ᠃ 1984 ᠣᠨ ᠳᠤ ᠦᠺᠷᠠᠵᠢᠨ ᠤ ᠰᠡᠳᠬᠦᠯᠴᠢᠨ ᠦ ᠬᠣᠯᠪᠤᠭ᠎ᠠ ᠵᠢᠨ ᠶᠡᠬᠡ ᠰᠤᠷᠭᠠᠭᠤᠯᠢ ᠲᠡᠭᠦᠰ ᠴᠤ᠌᠂ 《 ᠤᠯᠠᠭᠠᠨᠪᠠᠭᠠᠲᠤᠷ ᠤᠨ ᠮᠡᠳᠡᠭᠡ》 ᠰᠣᠨᠢᠨ ᠳᠤ ᠠᠵᠢᠯᠯᠠᠵᠤ ᠡᠬᠢᠯᠡᠪᠡ᠃ 1993 ᠣᠨ ᠳᠤ 《ᠵᠠᠰᠠᠭ ᠤᠨ ᠭᠠᠵᠠᠷ ᠤᠨ ᠮᠡᠳᠡᠭᠡ》 ᠰᠣᠨᠢᠨ ᠳᠤ ᠪᠠᠢᠵᠤ᠂ 1997 ᠣᠨ ᠳᠤ 《ᠮᠣᠩᠭᠤᠯ ᠤ᠋ᠨ ᠦᠨᠳᠦᠰᠦᠲᠡᠨ ᠦ ᠮᠡᠳᠡᠭᠡ》 ᠰᠣᠨᠢᠨ ᠤ ᠰᠤᠷᠪᠤᠯᠵᠢᠯᠠᠭᠴᠢ᠂ ᠨᠠᠷᠢᠨ ᠪᠢᠴᠢᠭ ᠦᠨ ᠳᠠᠷᠤᠭ᠎ᠠ ᠪᠠᠷ ᠠᠵᠢᠯᠯᠠᠵᠤ᠂ 1998 ᠣᠨ ᠳᠤ 《ᠮᠣᠩᠭᠤᠯ ᠤ᠋ᠨ ᠮᠡᠳᠡᠭᠡ》 ᠰᠣᠨᠢᠨ ᠢ ᠡᠭᠦᠰᠭᠡᠨ ᠪᠠᠢᠭᠤᠯᠬᠤ ᠳᠤ ᠣᠷᠤᠯᠴᠠᠵᠤ ᠠᠯᠪᠠᠨ ᠳᠠᠷᠤᠭ᠎ᠠ᠂ ᠣᠷᠤᠯᠠᠭᠴᠢ ᠡᠷᠬᠢᠯᠡᠭᠴᠢ ᠪᠣᠯᠵᠠᠢ᠃ ᠲᠡᠷᠡ 《ᠮᠣᠩᠭᠤᠯ ᠠ᠋ᠴᠠ ᠬᠥᠬᠡᠷᠡᠭᠰᠡᠨ ᠶᠡᠬᠡ ᠲᠣᠭᠤᠰᠤ ᠶᠠᠫᠣᠨ ᠠᠷᠠᠯ ᠳᠤ ᠬᠦᠷᠳᠡᠭ》᠂ 《ᠬᠥᠮᠦᠨ ᠴᠢᠯᠠᠭᠤᠨ ᠤ ᠨᠢᠯᠪᠤᠰᠤ》᠂ 《ᠬᠣᠲᠠ ᠵᠢᠨ ᠬᠥᠮᠦᠨ》 ᠵᠡᠷᠭᠡ ᠨᠡᠢᠭᠡᠮ ᠦᠨ ᠠᠰᠠᠭᠤᠳᠠᠯ ᠢ ᠬᠥᠨᠳᠡᠨ ᠰᠡᠳᠦᠪᠯᠡᠭᠰᠡᠨ ᠥᠭᠦᠯᠡᠯ ᠣᠯᠠᠨ ᠪᠢᠴᠢᠵᠦ᠂ ᠣᠯᠠᠨ ᠨᠡᠢᠲᠡ ᠵᠢᠨ ᠠᠩᠬᠠᠷᠤᠯ ᠢ ᠲᠠᠲᠠᠵᠤ ᠬᠥᠮᠦᠰ ᠲᠦ᠍ 《ᠰᠢᠯᠢᠳᠡᠭ ᠨᠡᠢᠲᠡᠯᠡᠭᠴᠢ》 ᠭᠡᠵᠦ ᠦᠨᠡᠯᠡᠭᠳᠡᠪᠡ᠃ ᠡᠨᠡ ᠬᠦ ᠬᠥᠳᠡᠯᠮᠦᠷᠢ ᠪᠦᠲᠦᠭᠡᠯ ᠢᠶᠡᠷ ᠢᠶᠡᠨ 1997 ᠣᠨ ᠳᠤ ᠮᠣᠩᠭᠤᠯ ᠤᠯᠤᠰ ᠤᠨ ᠰᠡᠳᠭᠦᠯᠴᠢᠳ ᠦ᠋ᠨ ᠬᠣᠯᠪᠤᠭᠠᠨ ᠤ᠋ ᠰᠢᠯᠢᠳᠡᠭ ᠰᠡᠳᠭᠦᠯᠴᠢ ᠵᠢᠨ ᠱᠠᠩᠨᠠᠯ ᠪᠠ ᠮᠣᠩᠭᠤᠯ ᠤ᠋ᠨ ᠬᠡᠪᠯᠡᠯ ᠦᠨ ᠡᠷᠬᠡ ᠴᠢᠯᠥᠭᠡᠨ ᠦ ᠣᠳᠣᠨ ᠱᠠᠩᠨᠠᠯ ᠬᠦᠷᠲᠡᠵᠡᠶ᠃
Copyight 2016 by nmgmzw.gov.cn All Rights Reserved