ᠨᠡᠷ᠎ᠡ:
ᠰᠠᠩᠳᠤᠢᠵᠠᠪ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠰᠠᠩᠳᠤᠢᠵᠠᠪ ( 1938~ ) ᠰᠡᠳᠭᠦᠯᠴᠢ᠃ ᠮᠣᠩᠭᠤᠯ ᠤᠯᠤᠰ ᠤᠨ ᠰᠡᠯᠡᠩᠭᠡ ᠠᠢᠮᠠᠭ ᠤᠨ ᠣᠷᠬᠤᠨ ᠲᠤᠤᠯᠠ ᠰᠤᠮᠤ ᠵᠢᠨ ᠨᠤᠲᠤᠭ ᠲᠦ᠍ ᠲᠥᠷᠦᠵᠡᠢ᠃ 1967 ᠣᠨ ᠳᠤ ᠮᠣᠩᠭᠤᠯ ᠤᠯᠤᠰ ᠤᠨ ᠶᠡᠬᠡ ᠰᠤᠷᠭᠠᠭᠤᠯᠢ ᠶᠢ ᠲᠡᠭᠦᠰᠪᠡ᠃ ᠮᠥᠨ ᠵᠢᠯ ᠦᠨ 8 ᠰᠠᠷ᠎ᠠ ᠠᠴᠠ ᠮᠣᠩᠭᠤᠯ ᠤᠯᠤᠰ ᠤᠨ ᠮᠡᠳᠡᠭᠡᠯᠡᠯ ᠷᠠᠳᠢᠣ᠋ ᠲᠧᠯᠸᠢᠰ ᠬᠣᠷᠢᠶᠠᠨ ᠳ᠋ᠤ᠌ ᠷᠠᠳᠢᠣ᠋ ᠨᠡᠢᠭᠡᠮ ᠤᠯᠤᠰ ᠲᠦᠷᠥ ᠵᠢᠨ ᠨᠡᠪᠲᠡᠷᠡᠭᠦᠯᠭᠡ ᠵᠢᠨ ᠶᠡᠷᠦᠩᠬᠡᠶ ᠷᠸᠳᠠᠺᠲ᠋ᠤᠷ ᠪᠣᠯᠵᠤ᠂ ᠳᠠᠷᠠᠭ᠎ᠠ ᠨᠢ ᠷᠠᠳᠢᠣ᠋ ᠲᠧᠯᠸᠢᠰ ᠦᠨ ᠨᠠᠮ ᠤᠨ ᠬᠣᠷᠢᠶᠠᠨ ᠤ᠋ ᠳᠠᠷᠤᠭ᠎ᠠ᠂ ᠶᠡᠷᠦᠩᠬᠡᠶ ᠷᠸᠳᠠᠺᠲ᠋ᠤᠷ᠂ ᠨᠡᠢᠭᠡᠮ ᠡᠳ᠋ ᠦᠨ ᠵᠠᠰᠠᠭ ᠤᠨ ᠠᠯᠪᠠᠨ ᠳᠠᠷᠤᠭ᠎ᠠ ᠵᠢᠨ ᠲᠣᠢᠮᠤᠴᠢ ᠪᠠᠷ ᠨᠠᠰ ᠤᠨ ᠤ ᠠᠮᠠᠷᠠᠯᠲᠠ ᠳᠠᠭᠠᠨ ᠭᠠᠷᠲᠠᠯ᠎ᠠ ᠠᠵᠢᠯᠯᠠᠵᠠᠶ᠃ ᠲᠡᠷᠡ ᠪᠣᠯ ᠮᠣᠩᠭᠤᠯ ᠤᠯᠤᠰ ᠤᠨ ᠷᠠᠳᠢᠣ᠋ ᠮᠡᠳᠡᠭᠡᠯᠡᠯ᠂ ᠨᠡᠪᠲᠡᠷᠡᠭᠦᠯᠭᠡ ᠵᠢᠨ ᠪᠣᠳᠤᠯᠭ᠎ᠠ ᠶ᠋ᠢ ᠰᠠᠢᠵᠢᠷᠠᠭᠤᠯᠬᠤ ᠳᠤ ᠭᠠᠳᠠᠭᠠᠳᠤ ᠰᠤᠷᠲᠠᠯᠴᠢᠯᠠᠭ᠎ᠠ ᠶᠢ ᠬᠥᠭᠵᠢᠭᠦᠯᠬᠦ ᠳ᠋ᠦ᠍ ᠶᠡᠬᠡ ᠬᠦᠴᠤ᠌ᠨ ᠭᠠᠷᠭᠠᠵᠤ ᠬᠤᠪᠢ ᠨᠡᠮᠡᠷᠢ ᠦᠵᠡᠭᠦᠯᠦᠨ ᠣᠯᠠᠨ ᠵᠠᠭ ᠤᠨ ᠪᠦᠲᠦᠭᠡᠯ ᠢᠶᠡᠷ ᠢᠶᠡᠨ ᠷᠠᠳᠢᠣ᠋ ᠹᠦᠳ ᠢ᠋ ᠪᠠᠶᠠᠯᠢᠭᠵᠢᠭᠤᠯᠤᠭᠰᠠᠨ ᠬᠥᠮᠦᠨ ᠶᠤᠮ᠃ ᠲᠡᠭᠦᠨ ᠦ ᠡᠷᠬᠢᠯᠡᠭᠰᠡᠨ ᠬᠠᠮᠤᠭ ᠤᠨ ᠠᠯᠳᠠᠷᠲᠠᠶ ᠨᠡᠪᠲᠡᠷᠡᠭᠦᠯᠭᠡ ᠵᠢᠨ ᠨᠢᠭᠡ ᠨᠢ 《ᠳᠡᠯᠡᠬᠡᠶ ᠵᠢᠨ ᠬᠥᠮᠦᠰ》 ᠴᠤ᠌ᠪᠤᠷᠠᠯ ᠨᠠᠢᠷᠠᠭᠤᠯᠤᠯ ᠪᠣᠯᠤᠨ᠎ᠠ᠃ 1996 ᠣᠨ ᠳᠤ ᠰᠠᠨᠠᠭᠠᠴᠢᠯᠠᠵᠤ 3 ᠰᠠᠷ᠎ᠠ ᠵᠢᠨ 1 ᠤ ᠡᠳᠦᠷ ᠡᠴᠡ ᠡᠬᠢᠯᠡᠭᠡᠳ 1998 ᠣᠨ ᠤ 2 ᠰᠠᠷ᠎ᠠ ᠵᠢᠨ 8 ᠪᠣᠯᠲᠠᠯ᠎ᠠ ᠬᠤᠭᠤᠴᠠᠭ᠎ᠠ ᠪᠦᠷᠢ 20 ᠮᠢᠨᠦ᠋ᠲ ᠢᠶᠡᠷ 35 ᠨᠡᠪᠲᠡᠷᠡᠭᠦᠯᠭᠡ ᠬᠢᠵᠠᠶ᠃ ᠵᠢᠰ᠌ᠢᠶᠡᠯᠡᠪᠡᠯ 《ᠰᠢᠲᠠᠷ᠎ᠠ ᠵᠢᠨ ᠠᠪᠤᠷᠭᠤ》 《1996. 3. 23 )᠂ 《ᠪᠠᠬᠠᠷᠠᠯ ᠠᠳᠠᠭᠠᠷᠠᠯ》 《1997. 10. 19 )᠂ 《ᠲᠩᠷᠢ ᠵᠢᠨ ᠬᠥᠰᠢᠭᠡ》 ( 1998 2. 8 ) ᠵᠡᠷᠭᠡ ᠨᠡᠪᠲᠡᠷᠡᠭᠦᠯᠭᠡ ᠰᠣᠨᠤᠰᠤᠭᠴᠢᠳ ᠤ᠋ᠨ ᠠᠩᠬᠠᠷᠤᠯ ᠢ ᠬᠦ ᠴᠤ᠌ᠲᠡᠶ ᠲᠠᠲᠠᠵᠤ᠂ ᠳᠠᠪᠲᠠᠨ ᠨᠡᠪᠲᠡᠷᠡᠭᠦᠯᠬᠦ ᠰᠣᠷᠵᠢᠨᠵᠵᠢᠨ ᠬᠠᠯᠢᠰᠤ ᠬᠡᠪᠯᠡᠵᠦ ᠵᠠᠷᠤᠬᠤ ᠪᠤᠶᠤ ᠨᠣᠮ ᠪᠣᠯᠭᠠᠨ ᠬᠡᠪᠯᠡᠬᠦ ᠬᠦᠰᠡᠯ ᠣᠯᠠᠨ ᠭᠠᠷᠭᠠᠵᠠᠢ᠃ ᠲᠡᠭᠦᠨ ᠦ ᠨᠡᠪᠲᠡᠷᠡᠭᠦᠯᠦᠭᠰᠡᠨ ᠪᠦᠲᠦᠭᠡᠯ ᠵᠣᠬᠢᠶᠠᠭᠰᠠᠨ ᠳᠠᠭᠤᠤ ᠨᠢ ᠷᠠᠳᠢᠣ᠋ ᠰᠠᠩ ᠬᠥᠮᠦᠷᠭᠡ ᠪᠤᠶᠤ ᠹᠦᠳ ᠲᠦ᠍ ᠪᠠᠭ᠎ᠠ ᠦᠬᠡᠶ ᠬᠠᠳᠠᠭᠠᠯᠠᠭᠳᠠᠨ ᠬᠡᠷᠡᠭᠯᠡᠭᠳᠡᠵᠦ ᠪᠠᠢᠨ᠎ᠠ᠃
Copyight 2016 by nmgmzw.gov.cn All Rights Reserved