ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠰᠡᠴᠡᠨᠴᠣᠭᠲᠤ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠰᠡᠴᠡᠨᠴᠣᠭᠲᠤ ( 1914——1973 ) 《ᠥᠪᠦᠷ ᠮᠣᠩᠭᠤᠯ ᠤ᠋ᠨ ᠤᠷᠠᠨ ᠵᠣᠬᠢᠶᠠᠯ》 ᠰᠡᠳᠭᠦᠯ ᠢ᠋ ᠡᠭᠦᠰᠭᠡᠨ ᠡᠷᠬᠢᠯᠡᠭᠰᠡᠨ ᠨᠠᠢᠷᠠᠭᠤᠯᠤᠭᠴᠢ᠂ ᠰᠢᠯᠦᠭᠴᠢ᠃ ᠤᠤᠯ  ᠤᠨ ᠴᠠᠬᠠᠷ ᠴᠢᠭᠤᠯᠭᠠᠨ 《ᠣᠲᠣ  ᠵᠢᠨ ᠰᠢᠯᠢ  ᠵᠢᠨ ᠭᠣᠣᠯ ᠠᠢᠮᠠᠭ ) ᠤ ᠭᠦᠯᠦ ᠬᠥᠬᠡ ᠬᠣᠰᠢᠭᠤᠨ ᠳᠤ ᠲᠥᠷᠦᠵᠡᠢ᠃ ᠪᠠᠭ᠎ᠠ  ᠵᠢᠨ ᠨᠡᠷ᠎ᠡ ᠵᠠᠨᠫᠤᠶᠷᠪᠤ᠂ ᠬᠠᠯᠠᠭᠰᠠᠨ ᠨᠡᠷ᠎ᠡ ᠰᠠᠢ ᠴᠤ᠌ᠩᠭ᠎ᠠ᠃ 20 ᠳ᠋ᠤᠭᠠᠷ ᠵᠠᠭ ᠤᠨ ᠤ ᠭᠤᠴᠢᠭᠠᠳ ᠣᠨ ᠤ ᠰᠡᠭᠦᠯᠴᠢ ᠪᠡᠷ ᠶᠠᠫᠣᠨ ᠤᠯᠤᠰ    ᠲᠦ᠍ ᠰᠤᠷᠤᠯᠴᠠᠪᠠ᠃ ᠳᠥᠴᠢᠭᠡᠳ ᠣᠨ ᠤ ᠳᠤᠮᠳᠠᠴᠢ ᠪᠠᠷ ᠮᠣᠩᠭᠤᠯ ᠤᠯᠤᠰ    ᠲᠦ᠍ ᠰᠤᠷᠤᠯᠴᠠᠪᠠ᠃ 1947 ᠣᠨ ᠳᠤ ᠤᠯᠤᠰ ᠲᠠᠭᠠᠨ ᠪᠤᠴᠠᠵᠤ ᠥᠪᠦᠷ ᠮᠣᠩᠭᠤᠯ ᠤ᠋ᠨ ᠡᠳᠦᠷ ᠦᠨ ᠰᠣᠨᠢᠨ ᠤ ᠬᠣᠷᠢᠶ᠎ᠠ ᠳᠤ ᠨᠠᠢᠷᠠᠭᠤᠯᠤᠭᠴᠢ ᠰᠤᠷᠪᠤᠯᠵᠢᠯᠠᠭᠴᠢ ᠪᠥᠭᠡᠳ ᠮᠣᠩᠭᠤᠯ ᠪᠢᠴᠢᠭ ᠬᠡᠪᠯᠡᠬᠦ ᠠᠵᠢᠯ ᠢ ᠬᠢᠵᠦ ᠪᠠᠢᠭᠰᠠᠨ ᠢᠶᠠᠨ 1951 ᠣᠨ ᠳᠤ ᠥᠪᠦᠷ ᠮᠣᠩᠭᠤᠯ ᠤ᠋ᠨ ᠠᠷᠠᠳ  ᠤᠨ ᠬᠡᠪᠯᠡᠯ ᠦᠨ ᠬᠣᠷᠢᠶ᠎ᠠ ᠳᠤ ᠨᠠᠢᠷᠠᠭᠤᠯᠤᠭᠴᠢ ᠪᠣᠯᠵᠤ᠂ ᠮᠣᠩᠭᠤᠯ ᠨᠣᠮ ᠬᠡᠪᠯᠡᠯ ᠦᠨ ᠦᠢᠯᠡᠰ ᠦᠨ ᠰᠠᠭᠤᠷᠢ ᠲᠠᠯᠪᠢᠬᠤ ᠳᠤ ᠣᠷᠣᠯᠴᠠᠵᠠᠶ᠃ ᠳᠠᠷᠠᠭ᠎ᠠ ᠨᠢ 《ᠮᠠᠤ ᠽᠸ ᠳ᠋ᠦᠩ ᠦᠨ ᠰᠣᠩᠭᠤᠮᠠᠯ ᠵᠣᠬᠢᠶᠠᠯ》  ᠤᠨ ᠣᠷᠴᠢᠭᠤᠯᠭ᠎ᠠ ᠪᠠ ᠳᠤᠮᠳᠠᠳᠤ ᠤᠯᠤᠰ  ᠤᠨ ᠠᠷᠠᠳ  ᠤᠨ ᠲᠥᠯᠦᠭᠡᠯᠡᠭᠴᠢᠳ ᠦ᠋ᠨ ᠠᠩᠬᠠᠳᠤᠭᠠᠷ ᠶᠡᠬᠡ ᠬᠤᠷᠠᠯ  ᠤᠨ ᠪᠢᠴᠢᠭ ᠮᠠᠲ᠋ᠧᠷᠢᠶᠠᠯ  ᠤᠨ ᠣᠷᠴᠢᠭᠤᠯᠭ᠎ᠠ ᠳᠤ ᠣᠷᠣᠯᠴᠠᠵᠠᠶ᠃ 1955 ᠣᠨ ᠳᠤ ᠥᠪᠦᠷ ᠮᠣᠩᠭᠤᠯ ᠤ᠋ᠨ ᠤᠳᠭ᠎ᠠ ᠤᠷᠠᠯᠢᠭ  ᠤᠨ ᠬᠣᠯᠪᠤᠭ᠎ᠠ ᠳ᠋ᠤ᠌ ᠠᠵᠢᠯ ᠰᠢᠯᠵᠢᠵᠦ 《ᠥᠪᠦᠷ ᠮᠣᠩᠭᠤᠯ ᠤ᠋ᠨ ᠤᠷᠠᠨ ᠵᠣᠬᠢᠶᠠᠯ》 ( ᠣᠲᠣ  ᠵᠢᠨ 《ᠥᠨᠢᠷ ᠴᠡᠴᠡᠭ》 ᠰᠡᠳᠭᠦᠯ ) ᠰᠡᠳᠭᠦᠯ ᠢ᠋ ᠡᠭᠦᠰᠭᠡᠨ ᠡᠷᠬᠢᠯᠡᠬᠦ ᠠᠵᠢᠯ ᠳᠤ ᠣᠷᠤᠯᠴᠠᠵᠤ᠂ ᠮᠡᠷᠭᠡᠵᠢᠯ ᠦᠨ ᠵᠥᠪᠯᠡᠭᠴᠢ ᠪᠠᠢᠵᠤ᠂ ᠳᠠᠷᠠᠭ᠎ᠠ ᠨᠢ 《ᠥᠨᠢᠷ ᠴᠡᠴᠡᠭ》 ᠰᠡᠳᠭᠦᠯ ᠦ᠋ᠨ ᠳᠡᠳ᠋ ᠶᠡᠷᠦᠩᠬᠡᠶ ᠨᠠᠢᠷᠠᠭᠤᠯᠤᠭᠴᠢ ᠪᠠᠷ ᠲᠣᠮᠢᠯᠠᠭᠳᠠᠪᠠ᠃ 1956 ᠣᠨ ᠳᠤ ᠳᠤᠮᠳᠠᠳᠤ ᠤᠯᠤᠰ  ᠤᠨ ᠵᠣᠬᠢᠶᠠᠯᠴᠢᠳ  ᠤᠨ ᠡᠪᠯᠡᠯ ᠦᠨ 《ᠰᠢᠯᠦᠭ ᠰᠡᠳᠭᠦᠯ》 《ᠬᠢᠲᠠᠳ )  ᠤᠨ ᠵᠥᠪᠯᠡᠯ ᠦ᠋ᠨ ᠭᠡᠰᠢᠭᠦᠨ ᠪᠣᠯᠪᠠ᠃ 《ᠥᠨᠢᠷ ᠴᠡᠴᠡᠭ》 ᠰᠡᠳᠭᠦᠯ ᠳ᠋ᠦ᠍ ᠠᠵᠢᠯᠯᠠᠵᠤ ᠪᠠᠢᠭᠰᠠᠨ ᠬᠤᠭᠤᠴᠠᠭᠠᠨ ᠳᠠᠭᠠᠨ ᠲᠡᠷᠡ ᠡᠬᠡ ᠪᠢᠴᠢᠭ ᠡᠯᠰᠡᠬᠦ ᠠᠵᠢᠯ ᠢ ᠪᠡᠶ᠎ᠡ ᠪᠡᠷ ᠢᠶᠡᠨ ᠭᠠᠷᠳᠠᠨ ᠠᠳᠭᠤᠵᠤ ᠪᠠᠢᠭᠰᠠᠨ ᠢᠶᠠᠷ ᠦᠯᠥ ᠪᠠᠷᠠᠮ ᠵᠣᠬᠢᠶᠠᠭᠴᠢ  ᠵᠢᠨ ᠵᠣᠬᠢᠶᠠᠯ ᠳᠤ ᠨᠠᠷᠢᠨ ᠨᠢᠮᠪᠠᠶ ᠬᠠᠨᠳᠤᠵᠤ᠂ ᠵᠠᠰᠠᠪᠤᠷᠢ ᠣᠷᠤᠭᠤᠯᠬᠤ ᠰᠠᠨᠠᠯ ᠢᠶᠠᠨ ᠬᠠᠷᠠᠮ ᠦᠬᠡᠶ ᠲᠠᠯᠪᠢᠬᠤ ᠪᠥᠭᠡᠳ ᠦᠷᠭᠦᠯᠵᠢ ᠪᠡᠶ᠎ᠡ ᠪᠡᠷ ᠢᠶᠡᠨ ᠪᠢᠷ ᠬᠥᠳᠡᠯᠭᠡᠨ ᠵᠠᠰᠠᠵᠤ᠂ ᠵᠠᠯᠠᠭᠤ ᠵᠣᠬᠢᠶᠠᠯᠴᠢ ᠰᠢᠯᠦᠭᠴᠢ ᠶᠢ ᠬᠥᠮᠦᠵᠢᠭᠦᠯᠬᠦ ᠳ᠋ᠦ᠍ ᠣᠶ ᠤᠨ ᠴᠢᠳᠠᠯ ᠢᠶᠠᠨ ᠰᠢᠪᠬᠠᠵᠤ ᠪᠠᠢᠪᠠ᠃ ᠥᠪᠡᠷ ᠦ᠋ᠨ ᠪᠢᠴᠢᠳᠡᠭ ᠰᠢᠯᠦᠭ ᠵᠣᠬᠢᠶᠠᠯ ᠨᠠᠢᠷᠠᠭᠤᠯᠤᠯ ᠢᠶᠠᠨ ᠨᠡᠢᠲᠡᠯᠡᠬᠦ ᠡᠴᠡ ᠡᠮᠦᠨ᠎ᠡ ᠮᠠᠯᠴᠢᠨ ᠲᠠᠷᠢᠶᠠᠴᠢᠨ ᠪᠠ ᠤᠩᠰᠢᠭᠴᠢᠳ    ᠲᠦ᠍ ᠤᠩᠰᠵᠢᠨ ᠥᠭ ᠴᠤ᠌ ᠰᠠᠨᠠᠯ ᠬᠤᠷᠢᠶᠠᠵᠤ ᠵᠠᠰᠠᠳᠠᠭ ᠬᠥᠩᠭᠡᠮᠰᠦᠭ ᠨᠢᠮᠪᠠᠶ ᠰᠤᠷᠲᠠᠯ ᠲᠠᠢ ᠨᠠᠢᠷᠠᠭᠤᠯᠤᠭᠴᠢ ᠪᠠᠢᠪᠠ᠃