ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᡀᠠᠪᠬᠠᠰᠦ᠋ᠷᠦᠩ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᡀᠠᠪᠬᠠᠰᠦ᠋ᠷᠦᠩ᠂ ? . ( 1941~ ) ᠰᠡᠳᠭᠦᠯᠴᠢ᠂ ᠬᠡᠷᠡᠯ ᠵᠢᠷᠤᠭᠴᠢ᠃ ᠮᠣᠩᠭᠤᠯ ᠤᠯᠤᠰ  ᠤᠨ ᠬᠥᠪᠰᠦᠭᠦᠯ ᠠᠢᠮᠠᠭ  ᠤᠨ ᠲᠠᠷᠢᠶᠠᠯᠠᠩ ᠰᠤᠮᠤ  ᠵᠢᠨ ᠨᠤᠲᠤᠭ    ᠲᠦ᠍ ᠲᠥᠷᠦᠵᠡᠢ᠃ 1961 ᠣᠨ ᠳᠤ 《ᠦᠨᠡᠨ》 ᠰᠣᠨᠢᠨ ᠤ ᠭᠠᠵᠠᠷ ᠠᠵᠢᠯᠯᠠᠵᠤ᠂ ᠰᠡᠯᠡᠩᠭᠡ ᠠᠢᠮᠠᠭ    ᠲᠦ᠍ ᠰᠤᠷᠪᠤᠯᠵᠢᠯᠠᠵᠤ ᠪᠠᠢᠬᠤ ᠳᠠᠭᠠᠨ ᠬᠡᠷᠡᠯ ᠵᠢᠷᠤᠭ  ᠤᠨ ᠮᠡᠷᠭᠡᠵᠢᠯ ᠢ ᠡᠬᠢᠯᠡᠨ ᠰᠤᠷᠴᠠᠶ᠃ 1972 ᠣᠨ ᠳᠤ ᠮᠤᠰᠺᠸᠠ ᠳ᠋ᠤ᠌ ᠯᠦ᠍ᠮᠣᠨᠣᠰᠤᠪ ᠶᠡᠬᠡ ᠰᠤᠷᠭᠠᠭᠤᠯᠢ ᠳᠤ ᠰᠡᠳᠭᠦᠯᠴᠢ   ᠵᠢᠨ ᠠᠩᠭᠢ ᠲᠡᠭᠦᠰᠭᠡᠵᠦ᠂ ᠮᠥᠨ ᠵᠢᠯ《ᠦᠨᠡᠨ》 ᠰᠣᠨᠢᠨ ᠳᠤ ᠬᠡᠷᠡᠯ ᠵᠢᠷᠤᠭ  ᠤᠨ ᠰᠡᠳᠭᠦᠯᠴᠢ ᠪᠣᠯᠪᠠ᠃ 30 ᠭᠠᠷᠤᠶ ᠵᠢᠯ ᠦᠨ   ᠲᠦ᠍ᠷᠰᠢ᠂ ᠲᠡᠷᠡ ᠮᠣᠩᠭᠤᠯ ᠤ᠋ᠨ ᠰᠣᠨᠢᠨ ᠰᠡᠳᠭᠦᠯ ᠳ᠋ᠦ᠍ ᠣᠯᠠᠨ ᠬᠡᠷᠡᠯ ᠵᠢᠷᠤᠭ ᠬᠠᠩᠭᠠᠵᠤ᠂ ᠤᠷᠠᠯᠢᠭ  ᠤᠨ ᠤᠩᠰᠢᠭᠴᠢ ᠦᠵᠡᠭᠴᠢᠳ ᠦᠨ ᠬᠦᠷᠢᠶᠡᠯᠡᠯ ᠢ ᠣᠯᠵᠠᠢ᠃ ᠤᠷᠢᠳ ᠬᠣᠵᠢᠳ 《ᠬᠠᠯᠬ᠎ᠠ ᠭᠣᠣᠯ  ᠤᠨ ᠢᠯᠠᠯᠲᠠ》᠂ 《ᠬᠡᠷᠡᠯ ᠵᠢᠷᠤᠭ  ᠤᠨ 100 ᠠᠰᠠᠭᠤᠯᠲᠠ  ᠵᠢᠨ ᠬᠠᠷᠢᠭᠤ》᠂ 《ᠹᠣᠲ᠋ᠣ᠋ ᠨᠡᠢᠲᠡᠯᠡᠯ ᠦᠨ ᠲᠥᠷᠦᠯ ᠵᠦᠢᠯ ᠦᠨᠥ  ᠵᠢᠨ ᠱᠠᠭᠠᠷᠳᠠᠯᠭ᠎ᠠ》᠂ 《ᠬᠡᠷᠡᠯ ᠵᠢᠷᠤᠭᠴᠢᠳ  ᠤᠨ ᠭᠠᠷ  ᠤᠨ ᠠᠪᠤᠯᠭ᠎ᠠ》 ᠵᠡᠷᠭᠡ ᠥᠭᠦᠯᠡᠯ ᠦ᠋ᠨ ᠨᠣᠮ ᠪᠢᠴᠢᠵᠦ ᠭᠠᠷᠭᠠᠭᠰᠠᠨ ᠪᠥᠭᠡᠳ 《ᠬᠥᠪᠰᠦᠭᠦᠯ ᠲᠡᠯᠡᠶ》᠂ 《ᠮᠣᠩᠭᠤᠯ ᠤ᠋ᠨ ᠲᠡᠦᠬᠡ  ᠵᠢᠨ ᠳᠤᠷᠠᠰᠭᠠᠯ   ᠲᠦ᠍ ᠭᠠᠵᠠᠷ》᠂ 《 ᠤᠯᠠᠭᠠᠨᠪᠠᠭᠠᠲᠤᠷ ᠨᠡᠢᠰᠯᠡᠯ ᠦᠨ 360 ᠵᠢᠯ》 ᠵᠡᠷᠭᠡ ᠬᠡᠷᠡᠯ ᠵᠢᠷᠤᠭ  ᠤᠨ ᠳᠡᠪᠲᠡᠷ ᠬᠡᠪᠯᠡᠭᠦᠯᠵᠡᠢ᠃ 1981 ᠣᠨ ᠳᠤ ᠫᠠᠷᠢᠰ    ᠲᠦ᠍ ᠬᠡᠷᠡᠯ ᠵᠢᠷᠤᠭ  ᠤᠨ ᠦᠵᠡᠰᠭᠦᠯᠡᠩ ᠭᠠᠷᠭᠠᠭᠰᠠᠨ ᠪᠥᠭᠡᠳ ᠣᠯᠠᠨ ᠤᠯᠤᠰ  ᠤᠨ ᠬᠡᠷᠡᠯ ᠵᠢᠷᠤᠭ  ᠤᠨ ᠤᠷᠤᠯᠳᠤᠭᠠᠨ ᠳᠤ 《ᠶᠧᠨᠧᠰᠷᠬᠦ》 ᠨᠡᠷᠡᠮᠵᠢᠲᠦ ᠱᠠᠩᠨᠠᠯ ᠬᠦᠷᠲᠡᠵᠡᠶ᠃