ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠯᠦ᠍ᠪᠰᠠᠩᠳᠠᠮᠪᠵᠢᠨᠢᠮ᠎ᠠ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

( 1689~ 1762 ) ᠭᠠᠯᠳᠠᠨ ᠰᠢᠷᠡᠭᠡᠲᠦ ᠬᠤᠲᠤᠭᠲᠤ  ᠵᠢᠨ ᠨᠢᠭᠡᠳᠦᠭᠡᠷ ᠳᠦᠷᠢ 《ᠳ᠋ᠠᠨᠵᠤᠤᠷ》 ᠢ ᠣᠷᠴᠢᠭᠤᠯ ᠤᠨ ᠪᠠᠷᠯᠠᠭᠰᠠᠨ ᠬᠥᠮᠦᠨ᠃ ᠬᠥᠬᠡᠨᠠᠭᠤᠷ ᠤ᠋ᠨ ᠪᠠᠷᠠᠭᠤᠨ ᠬᠡᠰᠡᠭ ᠦᠨ ᠮᠠᠩᠶᠤᠯ ᠬᠡᠮᠡᠬᠦ ᠡᠯᠡᠰᠦᠨ  ᠴᠤ᠌ᠯ ᠦᠨ ᠬᠠᠪᠢ ᠳ᠋ᠠᠺᠢ ᠶᠠᠩᠰᠠᠩ ᠬᠡᠮᠡᠬᠦ ᠭᠠᠵᠠᠷ 1689 ᠣᠨ ᠳᠤ ᠲᠥᠷᠦᠵᠡᠢ᠃ ᠪᠠᠭ᠎ᠠ  ᠵᠢᠨ ᠨᠡᠷ᠎ᠡ ᠨᠢ ᠯᠠᠾᠢᠵᠵᠢᠨᠼᠠᠩᠵᠠᠪ ᠭᠡᠳᠡᠭ᠃ 1690 ᠣᠨ ᠳᠤ ᠤᠪᠠᠳᠵᠢᠨᠢ ᠡᠷᠳᠡᠨᠢ ᠪᠠ ᠳ᠋ᠧᠴᠢᠨ ᠦ ᠪᠠᠭᠰᠢ ᠠᠭᠸᠠᠩ ᠯᠦ᠍ᠪᠰᠠᠩᠷᠠᠰᠢ ᠬᠣᠶᠠᠷ ᠲᠡᠭᠦᠨ ᠢ ᠭᠠᠯᠳᠠᠨ ᠰᠢᠷᠡᠭᠡᠲᠦ ᠠᠭᠸᠠᠩᠯᠦ᠍ᠷᠣᠢᠵᠠᠮᠰᠤ ( 1635~ 1688 )  ᠵᠢᠨ ᠬᠤᠪᠢᠯᠭᠠᠨ ᠢᠶᠠᠷ ᠲᠣᠳᠤᠯᠠᠪᠠ᠃ ᠬᠣ ᠰᠢᠨ᠎ᠡ ᠨᠢᠭᠡᠨ ᠴᠠᠭ    ᠲᠦ᠍ ᠵᠠᠩᠵᠠ ᠠᠭᠸᠠᠩᠴᠤ᠌ᠢᠳᠠᠨ ᠪᠠ ᠪᠠᠨᠴᠢᠨ ᠯᠦ᠍ᠪᠰᠠᠩᠶᠸᠰ᠌ᠢ ᠨᠠᠷ  ᠴᠤ᠌ ᠲᠡᠭᠦᠨ ᠢ ᠭᠠᠯᠳᠠᠨ ᠰᠢᠷᠡᠭᠡᠲᠦ  ᠵᠢᠨ ᠬᠤᠪᠢᠯᠭᠠᠨ ᠢᠶᠠᠷ ᠲᠣᠳᠣᠯᠠᠵᠠᠶ᠃ ᠢᠩᠭᠢᠭᠡᠳ ᠲᠡᠷᠡ ᠳ᠋ᠧᠴᠢᠨ ᠬᠡᠢᠳ᠂ ᠭᠤᠩ ᠯᠦ᠍ᠩ ᠬᠦᠮᠪᠥᠮ ᠷᠠᠰᠢᠴᠢᠯ᠂ ᠷᠣᠩᠪᠤ᠂ ᠭᠠᠯᠳᠠᠨ ᠪᠷᠠᠢᠪᠤᠩ᠂ ᠰᠧᠷ᠎ᠠ ᠷᠠᠰᠢᠯᠾᠤᠶᠠᠭᠪᠤ ᠭᠡᠬᠦ ᠮᠡᠲᠦ  ᠵᠢᠨ ᠬᠡᠢᠳ ᠦᠳ ᠲᠦ ᠵᠠᠯᠠᠭᠳᠠᠨ ᠨᠣᠮ ᠨᠣᠮᠯᠠᠨ ᠱᠠᠰᠢᠨ ᠤ ᠠᠵᠢᠯᠯᠠᠭ᠎ᠠ ᠬᠢᠵᠠᠶ᠃ 1734 ᠣᠨ ᠳᠤ ᠨᠠᠢᠷᠠᠯ   ᠲᠦ᠍ ᠲᠥᠪ ᠬᠠᠭᠠᠨ ᠲᠡᠭᠦᠨ ᠢ ᠪᠡᠭᠡᠵᠢᠩ ᠳᠦ ᠢᠷᠡᠭᠦᠯᠵᠦ ᠲᠥᠪᠡᠳ ᠨᠣᠮ  ᠤᠨ ᠰᠦᠮ᠎ᠡ ᠳᠦ ᠰᠠᠭᠤᠯᠭᠠᠵᠤ᠂ 1735 ᠣᠨ ᠳᠤ ᠰᠢᠷ᠎ᠠ ᠰᠦᠮ᠎ᠡ ᠳᠦ ᠰᠠᠭᠤᠵᠠᠢ᠃ ᠡᠵᠢᠨ ᠬᠦ ᠲᠡᠷᠡ ᠴᠢᠩ ᠭᠦᠷᠦᠨ ᠦ ᠦᠶ᠎ᠡ ᠳᠦ ᠪᠡᠭᠡᠵᠢᠩ ᠳᠦ ᠰᠠᠭᠤᠳᠠᠭ ᠶᠡᠬᠡ ᠬᠤᠲᠤᠭ   ᠲᠦ᠍  ᠵᠢᠨ ᠨᠢᠭᠡᠨ ᠪᠣᠯᠵᠤ᠂ ᠪᠡᠭᠡᠵᠢᠩ ᠦᠨ ᠰᠢᠷ᠎ᠠ ᠰᠦᠮ᠎ᠡ  ᠵᠢᠨ ᠪᠯᠠᠮᠠᠲᠠᠨ ᠭᠡᠭᠳᠡᠬᠦ ᠪᠣᠯᠵᠠᠢ᠃ ᠲᠡᠭᠦᠨ ᠦ ᠮᠣᠩᠭᠤᠯ ᠬᠡᠪᠯᠡᠯ ᠦᠨ ᠦᠢᠯᠡᠰ ᠲᠦ ᠦᠵᠡᠭᠦᠯᠦᠭᠰᠡᠨ ᠬᠠᠮᠤᠭ  ᠤᠨ ᠲᠣᠮᠣ ᠠᠵᠢᠯᠯᠠᠭ᠎ᠠ ᠭᠡᠪᠡᠯ 《ᠳ᠋ᠠᠨᠵᠤᠤᠷ》 ᠢ ᠤᠳᠤᠷᠢᠳ ᠴᠤ᠌ ᠣᠷᠴᠢᠭᠤᠯᠵᠤ ᠪᠠᠷ    ᠲᠦ᠍ ᠭᠠᠷᠭᠠᠭᠰᠠᠨ ᠶᠠᠪᠤᠳᠠᠯ ᠪᠣᠯᠤᠨ᠎ᠠ᠃ 1741 ᠣᠨ ᠳᠤ ᠲᠩᠷᠢ ᠲᠡᠳᠭᠦᠭᠴᠢ ᠬᠠᠭᠠᠨ 《ᠳ᠋ᠠᠨᠵᠤᠤᠷ》 ᠢ ᠮᠣᠩᠭᠤᠯᠴᠢᠯᠠᠬᠤ ᠵᠠᠷᠯᠢᠭ ᠭᠠᠷᠭᠠᠭᠰᠠᠨ᠎ᠠ ᠵᠠᠩᠵᠠ ᠬᠤᠲᠤᠭ   ᠲᠦ᠍ ᠷᠣᠯᠪᠢᠳᠤᠷᠵᠢ᠂ ᠡᠨᠡ ᠭᠠᠯᠳᠠᠨ ᠰᠢᠷᠡᠭᠡᠲᠦ ᠬᠤᠲᠤᠭ   ᠲᠦ᠍ ᠯᠦ᠍ᠪᠰᠠᠩᠳᠠᠮᠪᠵᠢᠨᠢᠮ᠎ᠠ ᠬᠣᠶᠠᠷ ᠲᠠᠩᠭᠤᠳ ᠠᠴᠠ ᠤᠬᠠᠭᠠᠨ ᠤ ᠣᠷᠤᠨ ᠢ᠋ ᠮᠡᠳᠡᠭᠴᠢ ᠮᠡᠷᠭᠡᠳ ᠬᠢᠭᠡᠳ 49 ᠬᠣᠰᠢᠭᠤ ᠶᠡᠬᠡ ᠮᠣᠩᠭᠤᠯ᠂ 7 ᠬᠣᠰᠢᠭᠤ ᠬᠠᠯᠬ᠎ᠠ᠂ 8 ᠬᠣᠰᠢᠭᠤ ᠴᠠᠬᠠᠷ ᠲᠡᠷᠢᠭᠦᠲᠡᠨ ᠡᠴᠡ ᠯᠠᠮᠠ ᠬᠤᠪᠢᠯᠭᠠᠨ᠂ ᠬᠤᠲᠤᠭ   ᠲᠦ᠍᠂ ᠭᠠᠪᠵᠤ᠂ ᠷᠠᠪᠵᠠᠮᠪᠠ᠂ ᠭᠦᠦᠰᠢ ᠨᠡᠷ ᠲᠥᠪᠡᠳ ᠮᠣᠩᠭᠤᠯ ᠦᠰᠥᠭ ᠬᠢᠭᠡᠳ ᠨᠣᠮ  ᠤᠨ ᠶᠣᠰᠤᠨ ᠳ᠋ᠤ᠌ ᠮᠡᠷᠭᠡᠰᠢᠭᠰᠡᠨ ᠪᠦᠭᠦᠳᠡ ᠶᠢ ᠤᠷᠢᠵᠤ 1742 ᠣᠨ ᠠᠴᠠ ᠡᠬᠢᠯᠡᠵᠦ 《ᠳ᠋ᠠᠨᠵᠤᠤᠷ》 ᠢ ᠣᠷᠴᠢᠭᠤᠯᠬᠤ᠂ ᠣᠷᠴᠢᠭᠤᠯᠭ᠎ᠠ ᠶᠢ ᠵᠠᠰᠠᠬᠤ ᠰᠢᠭᠦᠬᠦ ᠪᠠᠷᠯᠠᠬᠤ ᠠᠵᠢᠯ ᠢ ᠤᠳᠤᠷᠢᠳ ᠤᠨ ᠬᠢᠴᠢᠶᠡᠵᠦ᠂ 1749 ᠣᠨ ᠳᠤ ᠠᠮᠵᠢᠯᠲᠠᠲᠠᠶ ᠪᠠᠷ ᠪᠠᠷᠯᠠᠵᠤ ᠳᠠᠭᠤᠰᠬᠠᠵᠠᠶ᠃