ᠨᠡᠷ᠎ᠡ:
ᠯᠦ᠍ᠪᠰᠠᠩ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠯᠦ᠍ᠪᠰᠠᠩ ( 1925~ ) 《ᠣᠯᠠᠨ ᠲᠦᠮᠡᠨ》 ᠰᠣᠨᠢᠨ ᠢ ᠡᠭᠦᠰᠭᠡᠨ ᠡᠷᠬᠢᠯᠡᠭᠰᠡᠨ ᠨᠠᠢᠷᠠᠭᠤᠯᠤᠭᠴᠢ᠂ ᠰᠣᠶᠤᠯ ᠤ᠋ᠨ ᠵᠢᠳᠭᠦᠯᠲᠡᠨ᠂ ᠣᠷᠴᠢᠭᠤᠯᠤᠭᠴᠢ᠃ ᠥᠪᠦᠷ ᠮᠣᠩᠭᠤᠯ ᠤ᠋ᠨ ᠬᠣᠷᠴᠢᠨ ᠵᠡᠭᠦᠨ ᠭᠠᠷ ᠤᠨ ᠬᠣᠢᠲᠤ ᠬᠣᠰᠢᠭᠤᠨ ᠤ ᠬᠥᠮᠦᠨ᠃ ᠸᠠᠩ ᠤᠨ ᠰᠦᠮ᠎ᠡ ( ᠣᠳᠣᠬᠢ ᠬᠢᠩᠭᠠᠨ ᠠᠢᠮᠠᠭ ᠤᠨ ᠤᠯᠠᠭᠠᠨᠬᠣᠲᠠ ) ᠵᠢᠨ ᠬᠥᠮᠦᠵᠢᠭᠦᠯᠦᠨ ᠪᠣᠢᠵᠢᠭᠤᠯᠬᠤ ᠳᠡᠭᠡᠳᠦ ᠰᠤᠷᠭᠠᠭᠤᠯᠢ ᠳᠤ ᠰᠤᠷᠤᠯᠴᠠᠵᠤ ᠥᠩᠭᠡᠷᠡᠪᠡ᠃ 1946 ᠣᠨ ᠤ ᠬᠠᠪᠤᠷ ᠵᠡᠭᠦᠨ ᠮᠣᠩᠭᠤᠯ ᠤ᠋ᠨ ᠥᠪᠡᠷᠲᠡᠭᠡᠨ ᠵᠠᠰᠠᠬᠤ ᠵᠠᠰᠠᠭ ᠤᠨ ᠣᠷᠳᠤᠨ ᠤ᠋ ᠤᠬᠠᠭᠤᠯᠬᠤ ᠬᠡᠯᠲᠡᠰ ᠦᠨ ᠠᠵᠢᠯᠲᠠᠨ ᠪᠠᠢᠭᠰᠠᠨ ᠢᠶᠠᠨ ᠲᠤᠰ ᠵᠢᠯ ᠦᠨ 7 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠤᠪᠠ᠃ ᠮᠥᠨ 7 ᠰᠠᠷ᠎ᠠ ᠠᠴᠠ ᠡᠬᠢᠯᠡᠨ 《ᠣᠯᠠᠨ ᠲᠦᠮᠡᠨ》 ᠰᠣᠨᠢᠨ ᠢ ᠬᠡᠪᠯᠡᠯ ᠡᠬᠢᠯᠡᠭᠦᠯᠬᠦ᠂ 1947 ᠣᠨ ᠤ 1 ᠰᠠᠷ᠎ᠠ ᠵᠢᠨ ] ᠤ ᠡᠳᠦᠷ ᠡᠴᠡ ᠡᠬᠢᠯᠡᠨ 《ᠣᠯᠠᠨ ᠲᠦᠮᠡᠨ》 ᠰᠣᠨᠢᠨ ᠢ 《ᠥᠪᠡᠷᠲᠡᠭᠡᠨ ᠵᠠᠰᠠᠬᠤ ᠥᠪᠦᠷ ᠮᠣᠩᠭᠤᠯ》 ᠰᠣᠨᠢᠨ ᠪᠣᠯᠭᠠᠬᠤ ᠠᠵᠢᠯ ᠳᠤ ᠰᠢᠭᠤᠳ ᠣᠷᠤᠯᠴᠠᠭᠰᠠᠨ ᠪᠥᠭᠡᠳ ᠮᠣᠩᠭᠤᠯ ᠰᠣᠨᠢᠨ ᠢ ᠬᠠᠷᠢᠭᠤᠴᠠᠨ ᠡᠷᠬᠢᠯᠡᠪᠡ᠃ ᠮᠣᠩᠭᠤᠯ ᠰᠣᠨᠢᠨ ᠢ ᠬᠡᠷᠬᠢᠨ ᠡᠷᠬᠢᠯᠡᠬᠦ ᠲᠤᠰᠭᠠᠢ ᠦᠷᠭᠦᠯᠵᠢ ᠰᠤᠳᠤᠯᠵᠤ᠂ ᠮᠣᠩᠭᠤᠯ ᠰᠣᠨᠢᠨ ᠤ ᠬᠡᠪ ᠨᠠᠮᠪᠠ ᠶᠢ ᠪᠦᠷᠢᠯᠳᠦᠭᠦᠯᠬᠦ᠂ ᠨᠠᠢᠷᠠᠭᠤᠯᠬᠤ ᠴᠢᠭᠯᠡᠯᠲᠡ ᠶᠢ ᠲᠣᠭᠲᠠᠭᠠᠬᠤ᠂ ᠨᠡᠷ᠎ᠡ ᠲᠣᠮᠢᠶ᠎ᠠ ᠶᠢ ᠪᠣᠯᠪᠠᠰᠤᠷᠠᠭᠤᠯ ᠤᠨ ᠲᠣᠭᠲᠠᠭᠠᠵᠤ ᠨᠢᠭᠡᠳᠦᠯᠲᠡᠶ ᠬᠡᠷᠡᠭᠯᠡᠬᠦ ᠳᠦ ᠴᠢᠬᠤᠯᠠ ᠬᠤᠪᠢ ᠨᠡᠮᠡᠷᠢ ᠦᠵᠡᠭᠦᠯᠵᠡᠢ᠃ 《ᠥᠪᠦᠷ ᠮᠣᠩᠭᠤᠯ ᠤ᠋ᠨ ᠡᠳᠦᠷ ᠦᠨ ᠰᠣᠨᠢᠨ》 ᠬᠡᠪᠯᠡᠯ ᠡᠬᠢᠯᠡᠭᠰᠡᠨ ᠦ ᠳᠠᠷᠠᠭ᠎ᠠ᠂ ᠲᠡᠷᠡ ᠮᠣᠩᠭᠤᠯ ᠨᠠᠢᠷᠠᠭᠤᠯᠬᠤ ᠬᠡᠯᠲᠡᠰ ᠦᠨ ᠡᠷᠬᠢᠯᠡᠭᠴᠢ᠂ ᠳᠡᠳ᠋ ᠶᠡᠷᠦᠩᠬᠡᠶ ᠨᠠᠢᠷᠠᠭᠤᠯᠤᠭᠴᠢ ᠵᠢᠨ ᠲᠤᠰᠢᠶᠠᠯ ᠬᠠᠷᠢᠭᠤᠴᠠᠵᠤ ᠥᠩᠭᠡᠷᠡᠵᠡᠢ᠃ 1955 ᠣᠨ ᠳᠤ ᠳᠤᠮᠳᠠᠳᠤ ᠤᠯᠤᠰ ᠤᠨ ᠰᠣᠨᠢᠨ ᠮᠡᠳᠡᠭᠡᠨ ᠦ ᠠᠵᠢᠯᠲᠠᠨ ᠤ ᠲᠥᠯᠦᠭᠡᠯᠡᠭᠴᠢᠳ ᠦ᠋ᠨ ᠪᠦᠯᠬᠦᠮ ᠦᠨ ᠪᠦᠷᠢᠯᠳᠦᠬᠦᠨ ᠦ ᠬᠤᠪᠢ ᠪᠠᠷ ᠶᠣᠶᠭᠤᠰᠯᠠᠸᠢᠶᠠ ᠪᠠ ᠵᠥᠪᠯᠡᠯᠲᠦ ᠬᠣᠯᠪᠤᠭᠠᠨ ᠲᠦ᠍ ᠤᠯᠤᠰ ᠢᠶᠠᠷ ᠠᠢᠯᠴᠢᠯᠠᠵᠤ᠂ 《ᠨᠥᠬᠦᠷᠰᠡᠭ ᠠᠭᠤᠯᠵᠠᠯᠲᠠ》᠂ 《ᠠᠵᠤ ᠦᠢᠯᠡᠳᠪᠦᠷᠢ ᠵᠢᠨ ᠹᠷᠣᠨᠲ ᠳᠡᠭᠡᠷ᠎ᠡ》 ᠵᠡᠷᠭᠡ ᠶᠣᠶᠭᠤᠰᠯᠠᠸᠢᠶᠠ ᠳᠤ ᠰᠤᠷᠪᠤᠯᠵᠢᠯᠠᠭᠰᠠᠨ ᠲᠡᠮᠳᠡᠭᠯᠡᠯ᠂ 《ᠮᠤᠰᠺᠸᠠ ᠪᠢᠳᠡᠨ ᠦ ᠰᠡᠳᠭᠢᠯ ᠢ᠋ ᠲᠠᠲᠠᠵᠤ ᠪᠠᠢᠨ᠎ᠠ》᠂ 《 ᠯᠧᠨᠢᠨ᠂ ᠰᠠᠲ᠋ᠠᠯᠵᠢᠨ ᠤ ᠴᠢᠨᠳᠠᠷᠠ ᠶᠢ ᠪᠠᠷᠠᠳᠠᠭᠰᠠᠨ ᠨᠢ》 《ᠶᠡᠬᠡ ᠵᠣᠬᠢᠶᠠᠯᠴᠢ ᠰ᠌ᠤᠯᠤᠬᠤᠸ ᠲᠠᠢ ᠠᠭᠤᠯᠵᠠᠭᠰᠠᠨ ᠨᠢ》᠂ 《ᠬ?ᠸᠮᠠᠯᠢ ᠣᠷᠳᠤᠨ ᠳ᠋ᠤ᠌》 ᠵᠡᠷᠭᠡ ᠵᠥᠪᠯᠡᠯᠲᠦ ᠬᠣᠯᠪᠤᠭᠠᠨ ᠲᠦ᠍ ᠤᠯᠤᠰ ᠲᠦ᠍ ᠰᠤᠷᠪᠤᠯᠵᠢᠯᠠᠭᠰᠠᠨ ᠲᠡᠮᠳᠡᠭᠯᠡᠯ 《1956 ) ᠢᠶᠡᠨ ᠮᠣᠩᠭᠤᠯ ᠰᠣᠨᠢᠨ ᠳᠡᠭᠡᠷ᠎ᠡ ᠨᠡᠢᠲᠡᠯᠡᠭᠦᠯᠵᠦ᠂ ᠪᠠᠰᠠ 《ᠤᠯᠠᠭᠠᠨᠭᠦᠦ ᠨᠥᠬᠦᠷ ᠥᠷᠭᠡᠨᠲᠠᠯ᠎ᠠ ᠬᠣᠷᠢᠶ᠎ᠠ ᠪᠠᠷ ᠠᠢᠯᠴᠢᠯᠠᠭᠰᠠᠨ ᠨᠢ》 ( 1958 ) ᠭᠡᠬᠦ ᠵᠡᠷᠭᠡ ᠰᠤᠷᠪᠤᠯᠵᠢᠯᠠᠭ᠎ᠠ ᠨᠠᠢᠷᠠᠭᠤᠯᠤᠯ ᠢᠶᠠᠨ ᠨᠡᠢᠲᠡᠯᠡᠭᠦᠯᠵᠦ ᠪᠠᠢᠪᠠ᠃ 1950 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠶᠠᠨ ᠤ᠋ ᠤᠬᠠᠭᠤᠯᠬᠤ ᠬᠡᠯᠲᠡᠰ ᠡᠴᠡ ᠡᠷᠬᠢᠯᠡᠭᠰᠡᠨ ᠪᠡᠭᠡᠵᠢᠩ ᠦᠨ ᠰᠣᠨᠢᠨ ᠮᠡᠳᠡᠭᠡᠨ ᠦ ᠰᠤᠷᠭᠠᠭᠤᠯᠢ ᠵᠢᠨ ᠰᠤᠳᠤᠯᠬᠤ ᠠᠩᠭᠢ ᠳᠤ ᠨᠢᠭᠡ ᠵᠢᠯ ᠳᠠᠪᠲᠠᠨ ᠪᠣᠯᠪᠠᠰᠤᠷᠠᠪᠠ᠃ ᠲᠤᠰᠢᠶᠠᠯ ᠬᠠᠪᠰᠤᠷᠭᠠᠭᠰᠠᠨ ᠪᠠᠭᠰᠢ ᠵᠢᠨ ᠬᠤᠪᠢ ᠪᠠᠷ ᠥᠪᠦᠷ ᠮᠣᠩᠭᠤᠯ ᠤ᠋ᠨ ᠮᠣᠩᠭᠤᠯ ᠬᠡᠯᠡ ᠪᠢᠴᠢᠭ ᠦᠨ ᠲᠤᠰᠭᠠᠢ ᠮᠡᠷᠭᠡᠵᠢᠯ ᠦᠨ ᠰᠤᠷᠭᠠᠭᠤᠯᠢ ᠳᠤ ᠰᠣᠨᠢᠨ ᠮᠡᠳᠡᠭᠡᠨ ᠦ ᠬᠢᠴᠢᠶᠡᠯ ᠵᠢᠭᠠᠵᠤ ᠪᠠᠢᠪᠠ᠃ 《ᠥᠪᠦᠷ ᠮᠣᠩᠭᠤᠯ ᠤ᠋ᠨ ᠡᠳᠦᠷ ᠦᠨ ᠰᠣᠨᠢᠨ ᠤ ᠮᠡᠨᠳᠦᠯᠡᠬᠦ ᠵᠢᠨ ᠡᠮᠦᠨᠡᠬᠢ ᠬᠣᠢᠨᠠᠬᠢ ᠵᠠᠷᠢᠮ ᠪᠠᠢᠳᠠᠯ》 ( 1986 ) ᠵᠡᠷᠭᠡ ᠥᠭᠦᠯᠡᠯ ᠵᠣᠬᠢᠶᠠᠯ ᠪᠣᠶ᠃ 《ᠮᠠᠤ ᠽᠸ ᠳ᠋ᠦᠩ ᠦᠨ ᠰᠣᠩᠭᠤᠮᠠᠯ ᠵᠣᠬᠢᠶᠠᠯ》 ᠤᠨ ᠣᠷᠴᠢᠭᠤᠯᠭ᠎ᠠ ᠪᠠ ᠬᠢᠨᠠᠬᠤ ᠠᠵᠢᠯ ᠳᠤ ᠣᠷᠤᠯᠴᠠᠵᠤ ᠪᠠᠢᠭᠰᠠᠨ ᠢᠶᠠᠨ 1960 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠬᠣᠷᠢᠶᠠᠨ ᠤ᠋ 《ᠮᠠᠤ ᠽᠸ ᠳ᠋ᠦᠩ ᠦᠨ ᠰᠣᠩᠭᠤᠮᠠᠯ ᠵᠣᠬᠢᠶᠠᠯ》 ᠢ ᠮᠣᠩᠭᠤᠯᠴᠢᠯᠠᠨ ᠬᠡᠪᠯᠡᠬᠦ ᠺᠣᠮᠢᠰ ᠤᠨ ᠠᠯᠪᠠᠨ ᠬᠡᠷ ᠦᠨ ᠳᠡᠳ᠋ ᠡᠷᠬᠢᠯᠡᠭᠴᠢ ᠪᠣᠯᠵᠤ᠂ ᠣᠷᠴᠢᠭᠤᠯᠬᠤ ᠬᠢᠨᠠᠬᠤ ᠪᠠ ᠵᠠᠰᠠᠭ ᠵᠠᠬᠢᠷᠭᠠᠨ ᠤ ᠠᠵᠢᠯ ᠢ ᠬᠠᠷᠢᠭᠤᠴᠠᠪᠠ᠃ 《《ᠮᠠᠤ ᠽᠸ ᠳ᠋ᠦᠩ ᠦᠨ ᠰᠣᠩᠭᠤᠮᠠᠯ ᠵᠣᠬᠢᠶᠠᠯ》 ᠢ ᠣᠷᠴᠢᠭᠤᠯᠤᠭᠰᠠᠨ ᠲᠦ᠍ᠷᠰᠢᠯᠭ᠎ᠠ ᠵᠢᠨ ᠠᠩᠬᠠᠨ ᠤ ᠰᠦᠪᠡᠭᠴᠢᠯᠡᠯ》 ᠵᠡᠷᠭᠡ ᠥᠭᠦᠯᠡᠯ ᠪᠢᠴᠢᠪᠡ᠃ 1972 ᠣᠨ ᠳᠤ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠮᠣᠩᠭᠤᠯ ᠬᠡᠯᠡ ᠪᠢᠴᠢᠭ ᠦᠨ ᠠᠵᠢᠯ ᠤᠨ ᠤᠳᠤᠷᠢᠳᠬᠤ ᠳᠡᠳ᠋ᠠᠯᠪᠠᠨ ᠬᠡᠷ ᠦᠨ ᠳᠡᠳ᠋ ᠡᠷᠬᠢᠯᠡᠭᠴᠢ ᠪᠣᠯᠵᠤ᠂ ᠮᠣᠩᠭᠤᠯ ᠬᠡᠯᠡ ᠪᠢᠴᠢᠭ ᠦᠨ ᠠᠵᠢᠯ ᠢ ᠬᠠᠯᠠᠨ ᠰᠠᠢᠵᠢᠷᠠᠭᠤᠯᠬᠤ ᠪᠠ 《 ᠨᠠᠢ᠍ᠮᠠᠨ ᠮᠤᠵᠢ ᠣᠷᠤᠨ ᠤ᠋ ᠮᠣᠩᠭᠤᠯ ᠬᠡᠯᠡ ᠪᠢᠴᠢᠭ ᠦᠨ ᠠᠵᠢᠯ ᠤᠨ ᠬᠠᠮᠵᠢᠯᠴᠠᠬᠤ ᠳᠤ》 ᠢ ᠪᠠᠢᠭᠤᠯᠬᠤ ᠠᠵᠢᠯ ᠳᠤ ᠣᠷᠣᠯᠴᠠᠵᠠᠶ᠃ 1977 ᠣᠨ ᠳᠤ ᠲᠥᠪ ᠦ᠋ᠨ ᠦᠨᠳᠦᠰᠦᠲᠡᠨ ᠦ ᠬᠡᠯᠡ ᠪᠢᠴᠢᠭ ᠦᠨ ᠣᠷᠴᠢᠭᠤᠯᠭ᠎ᠠ ᠵᠢᠨ ᠲᠣᠪᠴᠢᠶ᠎ᠠ ᠳᠤ ᠠᠵᠢᠯ ᠰᠢᠯᠵᠢᠵᠦ᠂ ᠲᠤᠰ ᠲᠣᠪᠴᠢᠶᠠᠨ ᠤ ᠣᠷᠤᠯᠠᠭᠴᠢ ᠲᠣᠪᠴᠢᠶᠠᠨ ᠳᠠᠷᠤᠭ᠎ᠠ᠂ ᠨᠠᠮ ᠤᠨ ᠬᠣᠷᠢᠶᠠᠨ ᠤ᠋ ᠱᠦᠵᠢ ᠪᠣᠯᠵᠤ᠂ ᠮᠠᠷᠺᠰ᠂ ᠡᠩᠬᠧᠯᠰ᠂ ᠯᠧᠨᠢᠨ᠂ ᠮᠠᠤ ᠽᠸ ᠳ᠋ᠦᠩ ᠦᠨ ᠵᠣᠬᠢᠶᠠᠯ ᠢ ᠣᠷᠴᠢᠭᠤᠯ ᠤᠨ ᠬᠡᠪᠯᠡᠭᠦᠯᠬᠦ ᠠᠵᠢᠯ ᠢ ᠤᠳᠤᠷᠢᠳᠪᠠ᠃ 1982 ᠣᠨ ᠳᠤ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤᠨ ᠦᠨᠳᠦᠰᠦᠲᠡᠨ ᠦ ᠬᠡᠷᠡᠭ ᠡᠷᠬᠢᠯᠡᠬᠦ ᠵᠥᠪᠯᠡᠯ ᠦ᠋ᠨ ᠳᠡᠳ᠋ ᠡᠷᠬᠢᠯᠡᠭᠴᠢ ᠪᠣᠯᠵᠠᠢ᠃ ᠨᠠᠢ᠍ᠮᠠᠨ ᠮᠤᠵᠢ ᠣᠷᠤᠨ ᠤ᠋ ᠮᠣᠩᠭᠤᠯ ᠬᠡᠯᠡ ᠪᠢᠴᠢᠭ ᠦᠨ ᠠᠵᠢᠯ ᠤᠨ ᠬᠠᠮᠵᠢᠯᠴᠠᠬᠤ ᠳᠡᠳ᠋ᠳᠡᠳ᠋ ᠳᠡᠳ᠋ᠳᠠᠷᠤᠭ᠎ᠠ᠂ ᠳᠣᠯᠤᠳᠤᠭᠠᠷ ᠬᠤᠭᠤᠴᠠᠭᠠᠨ ᠤ ᠪᠦᠬᠥ ᠤᠯᠤᠰ ᠤᠨ ᠤᠯᠤᠰ ᠲᠦᠷᠥ ᠵᠢᠨ ᠵᠥᠪᠯᠡᠯᠭᠡᠨ ᠦ᠌ ᠦᠨᠳᠦᠰᠦᠲᠡᠨ ᠦ ᠵᠥᠪᠯᠡᠯ ᠦ᠋ᠨ ᠪᠠᠢᠩᠭᠤ ᠵᠢᠨ ᠳᠡᠳ᠋ ᠡᠷᠬᠢᠯᠡᠭᠴᠢ᠂ 《ᠳᠤᠮᠳᠠᠳᠤ ᠤᠯᠤᠰ ᠤᠨ ᠮᠣᠩᠭᠤᠯ ᠰᠤᠳᠤᠯᠤᠯ ᠤᠨ ᠬᠥᠮᠦᠷᠭᠡ》 ᠴᠤ᠌ᠪᠤᠷᠠᠯ ᠪᠢᠴᠢᠭ ᠦᠨ ᠵᠥᠪᠯᠡᠭᠴᠢ ᠪᠣᠯᠪᠠ᠃
Copyight 2016 by nmgmzw.gov.cn All Rights Reserved