ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠯᠢᠦ  ᠵᠢᠨ ᠰᠦᠧᠸ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠯᠢᠦ  ᠵᠢᠨ ᠰᠦᠧᠸ ( 1939~ ) ᠬᠢᠨᠠᠨ ᠨᠠᠢᠷᠠᠭᠤᠯᠤᠭᠴᠢ᠃ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠬᠢᠩᠭᠠᠨ ᠠᠢᠮᠠᠭ  ᠤᠨ ᠵᠠᠯᠠᠢᠳ ᠬᠣᠰᠢᠭᠤᠨ ᠤ ᠬᠥᠮᠦᠨ᠃ 1962 ᠣᠨ ᠳᠤ ᠥᠪᠦᠷ ᠮᠣᠩᠭᠤᠯ ᠤ᠋ᠨ ᠪᠠᠭᠰᠢ  ᠵᠢᠨ ᠳᠡᠭᠡᠳᠦ ᠰᠤᠷᠭᠠᠭᠤᠯᠢ ᠵᠢᠨ ᠬᠢᠲᠠᠳ ᠬᠡᠯᠡᠨ ᠦ ᠰᠠᠯᠪᠤᠷᠢ  ᠵᠢᠨ ᠮᠣᠩᠭᠤᠯ ᠬᠡᠯᠡᠨ ᠦ    ᠲᠤᠰᠭᠠᠢ ᠮᠡᠷᠭᠡᠵᠢᠯ ᠢ ᠰᠢᠯᠢᠳᠡᠭ ᠠᠮᠵᠢᠯᠲᠠ ᠲᠠᠢ ᠲᠡᠭᠦᠰᠭᠡᠵᠦ᠂ ᠰᠤᠷᠭᠠᠭᠤᠯᠢ ᠳᠠᠭᠠᠨ ᠦᠯᠡᠳᠡᠨ 《ᠰᠣᠩᠭᠤᠮᠠᠯ ᠵᠣᠬᠢᠶᠠᠯ ᠪᠠ ᠵᠣᠬᠢᠶᠠᠨ ᠪᠢᠴᠢᠯᠭᠡ》  ᠵᠢᠨ ᠬᠢᠴᠢᠶᠡᠯ  ᠦᠨ ᠪᠠᠭᠰᠢ ᠪᠠᠷ ᠠᠵᠢᠯᠯᠠᠪᠠ᠃ 1970 ᠣᠨ ᠳᠤ ᠲᠥᠪ ᠦ᠋ᠨ ᠷᠠᠳᠢᠣ᠋ ᠬᠣᠷᠢᠶᠠᠨ ᠤ᠋ ᠦᠨᠳᠦᠰᠦᠲᠡᠨ ᠦ ᠬᠡᠯᠡᠨ ᠦ ᠨᠡᠪᠲᠡᠷᠡᠭᠦᠯᠭᠡ ᠰᠡᠷᠭᠦᠭᠡᠭᠳᠡᠬᠦ ᠦᠶ᠎ᠡ ᠳᠦ᠂ ᠲᠥᠪ ᠦ᠋ᠨ ᠷᠠᠳᠢᠣ᠋ ᠬᠣᠷᠢᠶᠠᠨ ᠳ᠋ᠤ᠌ ᠲᠦᠷᠦᠭᠦᠦ ᠰᠢᠯᠵᠢᠭᠦᠯᠦᠭᠳᠡᠵᠦ᠂ 15 ᠵᠢᠯ ᠦᠨ   ᠲᠦ᠍ᠷᠰᠢ ᠡᠬᠡ ᠪᠢᠴᠢᠭ ᠨᠠᠢᠷᠠᠭᠤᠯᠬᠤ᠂ ᠣᠷᠴᠢᠭᠤᠯᠬᠤ᠂ ᠬᠢᠨᠠᠬᠤ ᠪᠠ ᠰᠤᠷᠪᠤᠯᠵᠢᠯᠠᠬᠤ ᠠᠵᠢᠯ ᠬᠢᠵᠦ ᠶᠠᠪᠤᠵᠠᠢ᠃ 1982 ᠣᠨ ᠳᠤ ᠪᠡᠭᠡᠵᠢᠩ ᠳᠡᠬᠢ ᠮᠣᠩᠭᠤᠯ ᠴᠤ᠌ᠳ ᠤ᠋ᠨ ᠠᠩᠬᠠᠳᠠᠭᠴᠢ ᠨᠠᠭᠠᠳᠤᠮ  ᠤᠨ ᠬᠤᠷᠠᠯ ᠢ ᠰᠤᠷᠪᠤᠯᠵᠢᠯᠠᠨ ᠮᠡᠳᠡᠭᠡᠯᠡᠭᠰᠡᠨ ᠮᠡᠳᠡᠭᠡᠯᠡᠯ ᠨᠢ ᠲᠥᠪ ᠦ᠋ᠨ ᠷᠠᠳᠢᠣ᠋ ᠬᠤᠷᠢᠶᠠ? ᠤ ᠰᠣᠨᠢᠨ ᠮᠡᠳᠡᠭᠡᠨ ᠦ ᠨᠡᠪᠲᠡᠷᠡᠭᠦᠯᠭᠡ ᠳᠦ 6 ᠲᠥᠷᠦᠯ ᠦ᠋ᠨ ᠬᠡᠯᠡ ᠪᠡᠷ ᠨᠡᠪᠲᠡᠷᠡᠭᠦᠯᠦᠭᠳᠡᠪᠡ᠃ 1980 ᠣᠨ ᠳᠤ ᠨᠡᠢᠲᠡᠯᠡᠭᠦᠯᠦᠭᠰᠡᠨ ᠦᠨᠳᠦᠰᠦᠲᠡᠨ ᠦ ᠪᠦᠯᠬᠦᠮᠳᠡᠯ ᠢ ᠮᠠᠭᠲᠠᠨ ᠳᠠᠭᠤᠯᠠᠭᠰᠠᠨ 《ᠴᠠᠩᠰ᠌ᠠ  ᠵᠢᠨ ᠰᠦ᠋ ᠲᠡᠢ ᠴᠠᠶ》 ᠭᠡᠬᠦ ᠮᠡᠳᠡᠭᠡᠯᠡᠯ ᠦᠨ ᠤᠷᠠᠨ ᠵᠣᠬᠢᠶᠠᠯ ᠨᠢ ᠪᠦᠬᠥ ᠤᠯᠤᠰ    ᠲᠦ᠍ ᠬᠠᠮᠤᠭ ᠠᠩᠬ᠎ᠠ 《ᠰᠣᠶᠤᠯ ᠤ᠋ᠨ ᠬᠤᠪᠢᠰᠭᠠᠯ》  ᠤᠨ ᠦᠶ᠎ᠡ  ᠵᠢᠨ ᠦᠨᠳᠦᠰᠦᠲᠡᠨ ᠦ ᠬᠠᠷᠢᠴᠠᠭ᠎ᠠ ᠶᠢ   ᠲᠦ᠍ᠰᠬᠠᠭᠰᠠᠨ ᠮᠣᠩᠭᠤᠯ ᠵᠣᠬᠢᠶᠠᠯ ᠪᠦᠲᠦᠭᠡᠯ ᠪᠣᠯᠵᠠᠢ᠃ ᠲᠡᠭᠦᠨ ᠦ 《ᠠᠯᠲᠠᠨ ᠪᠣᠰ᠌ᠣᠭ᠎ᠠ》 ᠭᠡᠬᠦ    ᠲᠤᠭᠤᠵᠢ ᠨᠢ 《ᠬᠥᠯᠦᠨ ᠪᠤᠢᠷ》 ᠰᠡᠳᠭᠦᠯ ( 1985 ᠣᠨ ) ᠳᠤ ᠨᠡᠢᠲᠡᠯᠡᠭᠳᠡᠵᠦ ᠮᠥᠨ ᠵᠢᠯ 《ᠰᠢᠷ᠎ᠠ ᠮᠥᠷᠡᠨ》 ᠰᠡᠳᠭᠦᠯ ᠳ᠋ᠦ᠍ ᠰᠢᠯᠵᠢᠭᠦᠯᠦᠭᠳᠡᠨ ᠨᠡᠢᠲᠡᠯᠡᠭᠳᠡᠭᠰᠡᠨ ᠪᠥᠭᠡᠳ ᠥᠪᠦᠷ ᠮᠣᠩᠭᠤᠯ ᠤ᠋ᠨ ᠵᠢᠷᠢᠮ ᠦᠨ ᠷᠠᠳᠢᠣ᠋ ᠬᠣᠷᠢᠶᠠᠨ ᠳ᠋ᠤ᠌ ᠨᠡᠪᠲᠡᠷᠡᠭᠦᠯᠦᠭᠳᠡᠪᠡ᠃ 1985 ᠣᠨ ᠳᠤ 《ᠦᠨᠳᠦᠰᠦᠲᠡᠨ ᠦ ᠪᠦᠯᠬᠦᠮᠳᠡᠯ》 ᠰᠡᠳᠭᠦᠯ ᠦ᠋ᠨ ᠬᠣᠷᠢᠶᠠᠨ ᠳ᠋ᠤ᠌ ᠠᠵᠢᠯ ᠰᠢᠯᠵᠢᠵᠦ᠂ ᠦᠨᠳᠦᠰᠦᠲᠡᠨ ᠦ ᠬᠡᠯᠡᠨ ᠦ ᠬᠡᠪᠯᠡᠯ ᠦᠨ ᠰᠡᠳᠭᠦᠯ ᠢ᠋ ᠬᠡᠪᠯᠡᠭᠦᠯᠬᠦ ᠪᠡᠯᠡᠳᠭᠡᠯ ᠠᠵᠢᠯ ᠢ ᠭᠠᠷᠳᠠᠨ ᠬᠢᠵᠦ᠂ 1987 ᠣᠨ ᠠᠴᠠ ᠡᠬᠢᠯᠡᠨ ᠮᠣᠩᠭᠤᠯ᠂ ᠤᠢᠭᠤᠷ᠂ ᠬᠠᠰᠠᠭ᠂ ᠰᠣᠯᠤᠩᠭᠤᠰ ᠳᠥᠷᠪᠡᠨ ᠲᠥᠷᠦᠯ ᠦ᠋ᠨ ᠬᠡᠯᠡᠨ ᠦ ᠬᠡᠪᠯᠡᠯ ᠦᠨ 《ᠦᠨᠳᠦᠰᠦᠲᠡᠨ ᠦ ᠪᠦᠯᠬᠦᠮᠳᠡᠯ》 ᠰᠡᠳᠭᠦᠯ ᠢ᠋ ᠵᠠᠯᠭᠠᠭ᠎ᠠ ᠪᠠᠷ ᠬᠡᠪᠯᠡᠭᠦᠯᠦᠭᠰᠡᠨ ᠪᠥᠭᠡᠳ ᠭᠣᠣᠯᠳᠠᠭᠤ ᠡᠨᠡ ᠬᠦ ᠳᠥᠷᠪᠡᠨ ᠲᠥᠷᠦᠯ ᠦ᠋ᠨ ᠦᠨᠳᠦᠰᠦᠲᠡᠨ ᠦ ᠬᠡᠯᠡᠨ ᠦ ᠬᠡᠪᠯᠡᠯ ᠦᠨ ᠬᠢᠲᠠᠳ ᠬᠡᠪᠯᠡᠯ ᠦᠨ 《ᠦᠨᠳᠦᠰᠦᠲᠡᠨ ᠦ ᠪᠦᠯᠬᠦᠮᠳᠡᠯ》 ᠰᠡᠳᠭᠦᠯ ᠲᠡᠢ ᠠᠳᠠᠯᠢ ᠬᠤᠭᠤᠴᠠᠭ᠎ᠠ ᠳᠤ ᠨᠡᠢᠲᠡᠯᠡᠬᠦ ᠡᠬᠡ ᠪᠢᠴᠢᠭ ᠦᠳ ᠪᠠ ᠮᠣᠩᠭᠤᠯ ᠬᠡᠪᠯᠡᠯ ᠦᠨ ᠡᠬᠡ ᠪᠢᠴᠢᠭ ᠦᠳ ᠢ ᠬᠢᠨᠠᠬᠤ ᠠᠵᠢᠯ ᠢ ᠬᠠᠷᠢᠭᠤᠴᠠᠪᠠ᠃ 1990 ᠣᠨ ᠳᠤ ᠲᠡᠷᠡ ᠦᠨᠳᠦᠰᠦᠨ ᠱᠠᠲᠤᠨ ᠳᠤ ᠣᠴᠢᠵᠤ ᠪᠠᠢᠴᠠᠭᠠᠯᠲᠠ ᠬᠢᠭᠡᠳ ᠰᠤᠷᠪᠤᠯᠵᠢᠯᠠᠨ ᠪᠢᠴᠢᠭᠰᠡᠨ ᠨᠡᠭᠦᠷᠡᠰᠦᠨ ᠠᠭᠤᠷᠬᠠᠶ  ᠵᠢᠨ ᠹᠷᠣᠨᠲ ᠳᠡᠭᠡᠷᠡᠬᠢ ᠮᠣᠩᠭᠤᠯ ᠦᠨᠳᠦᠰᠦᠲᠡᠨ ᠦ ᠠᠵᠤ ᠠᠬᠤᠢᠯᠠᠯᠲᠠᠨ ᠤ ᠠᠳᠠᠯ ᠦᠢᠯᠡᠰ ᠪᠣᠰᠭᠠᠭᠰᠠᠨ ᠠᠤᠭ᠎ᠠ ᠶᠡᠬᠡ ᠵᠣᠷᠢᠭ ᠰᠠᠨᠠᠭ᠎ᠠ ᠬᠢᠭᠡᠳ ᠬᠥᠮᠦᠰ ᠦ᠋ᠨ ᠰᠡᠳᠭᠢᠯ ᠢ᠋ ᠬᠥᠳᠡᠯᠭᠡᠮ᠎ᠡ ᠲᠡᠷᠢᠭᠦᠨ ᠦ ᠦᠢᠯᠡ ᠶᠠᠪᠤᠳᠠᠯ ᠢ   ᠲᠦ᠍ᠰᠬᠠᠭᠰᠠᠨ 《ᠬᠣᠣᠯᠵᠢᠨ ᠭᠣᠣᠯ  ᠤᠨ ᠨᠠᠢᠷᠠᠯ ᠳᠠᠭᠤᠤ》 ᠭᠡᠬᠦ ᠴᠢᠮᠡᠭᠡᠯᠡᠯ ᠨᠢ ᠥᠪᠦᠷ ᠮᠣᠩᠭᠤᠯ ᠤ᠋ᠨ ᠠᠵᠤ ᠠᠬᠤᠢᠯᠠᠯᠲᠠᠨ ᠤ  ᠲᠤᠰᠭᠠᠢ ᠰᠡᠳᠦᠪ ᠢᠶᠡᠷ ᠪᠢᠴᠢᠭᠰᠡᠨ ᠡᠯᠰᠡᠭᠰᠡᠨ ᠡᠬᠡ ᠪᠢᠴᠢᠭ ᠦᠨ ᠰᠢᠯᠭᠠᠷᠠᠭᠤᠯᠤᠯᠲᠠ ᠳᠤ ᠬᠣᠶᠠᠳᠤᠭᠠᠷ ᠲᠠᠰ  ᠤᠨ ᠱᠠᠩᠨᠠᠯ ᠣᠯᠵᠠᠢ᠃ 1991 ᠣᠨ ᠤ ᠡᠬᠢ ᠪᠡᠷ᠂ ᠲᠡᠷᠡ ᠮᠣᠩᠭᠤᠯ ᠤᠯᠤᠰ    ᠲᠦ᠍ ᠠᠢᠯᠴᠢᠯᠠᠵᠤ ᠪᠠᠢᠬᠤ ᠳᠠᠭᠠᠨ ᠪᠢᠴᠢᠭᠰᠡᠨ 《   ᠲᠦ᠍ᠩᠭᠠᠯᠠᠭ ᠮᠣᠩᠭᠤᠯ ᠬᠣᠷᠸ᠎ᠠ》 ᠭᠡᠬᠦ ᠵᠣᠬᠢᠶᠠᠯ ᠨᠢ 《ᠦᠨᠳᠦᠰᠦᠲᠡᠨ ᠦ ᠪᠦᠯᠬᠦᠮᠳᠡᠯ》 ᠰᠡᠳᠭᠦᠯ ᠳ᠋ᠦ᠍ ᠨᠡᠢᠲᠡᠯᠡᠭᠳᠡᠭᠰᠡᠨ ᠦ ᠬᠠᠮᠲᠤ ᠮᠣᠩᠭᠤᠯ ᠤᠯᠤᠰ  ᠤᠨ 《ᠨᠡᠢᠰᠯᠡᠯ ᠦᠨ ᠰᠣᠨᠢᠨ》 ᠳᠤ ᠨᠡᠢᠲᠡᠯᠡᠭᠳᠡᠵᠡᠢ᠃ ᠦᠨᠳᠦᠰᠦᠲᠡᠨ ᠦ ᠪᠦᠯᠬᠦᠮᠳᠡᠯ ᠰᠡᠳᠭᠦᠯ ᠦ᠋ᠨ ᠬᠣᠷᠢᠶᠠᠨ ᠳ᠋ᠤ᠌ ᠠᠵᠢᠯᠯᠠᠭᠰᠠᠨ ᠠᠷᠪᠠᠭᠠᠳ ᠵᠢᠯ ᠦᠨ   ᠲᠦ᠍ᠷᠰᠢ ᠲᠡᠷᠡ ᠡᠮᠦᠨᠡᠲᠦ ᠣᠷᠤᠨ ᠤ᠋ ᠮᠣᠩᠭᠤᠯ ᠦᠨᠳᠦᠰᠦᠲᠡᠨ ᠦ ᠲᠡᠦᠬᠡ ᠪᠣᠯ ᠤᠨ ᠣᠳᠣᠬᠢ ᠠᠮᠢᠳᠤᠷᠠᠯ ᠢ   ᠲᠦ᠍ᠰᠬᠠᠭᠰᠠᠨ 《ᠠᠲᠠ ᠠᠴᠠ ᠪᠣᠳᠤᠪᠠᠯ ᠲᠦᠮᠡᠨ ᠭᠠᠵᠠᠷ》᠂ 《ᠵᠣᠯᠭᠠᠬᠤ  ᠵᠢᠨ ᠵᠠᠶᠠᠭ᠎ᠠ ᠪᠠᠢᠪᠠᠯ ᠵᠠᠮ  ᠤᠨ ᠬᠦᠴᠢᠷ ᠶᠠᠭᠠᠮᠠᠶ》᠂ 《ᠮᠣᠬᠤᠰᠢ ᠦᠬᠡᠶ ᠵᠣᠷᠢᠭ᠂ ᠪᠠᠯᠠᠷᠠᠰᠢ ᠦᠬᠡᠶ ᠲᠡᠦᠬᠡ》 .. ᠥᠭᠡᠷᠡᠴᠢᠯᠡᠯᠲᠡ ᠬᠢᠵᠦ ᠴᠢᠯᠥᠭᠡᠲᠡᠶ ᠶᠠᠪᠤᠯᠴᠠᠭᠰᠠᠨ ᠠᠴᠠ ᠨᠠᠭᠠᠰᠢ ᠮᠣᠩᠭᠤᠯ ᠦᠨᠳᠦᠰᠦᠲᠡᠨ ᠦ ᠠᠮᠢᠳᠤᠷᠠᠯ᠂ ᠦᠢᠯᠡᠳᠪᠦᠷᠢᠯᠡᠯ ᠪᠣᠯ ᠤᠨ ᠦᠵᠡᠯ ᠤᠬᠠᠮᠰᠠᠷ  ᠤᠨ ᠬᠤᠪᠢᠷᠠᠯᠲᠠ ᠶᠢ   ᠲᠦ᠍ᠰᠬᠠᠭᠰᠠᠨ 《ᠳᠠᠷᠬᠠᠨ ᠨᠤᠲᠤᠭ ᠲᠠᠭᠠᠨ ᠴᠣᠣᠳᠠᠶ ᠲᠡᠯᠡᠶ ᠪᠣᠳᠤᠯ ᠲᠠᠢ ᠳᠣᠷᠵᠢ》᠂ 《ᠵᠣᠷᠢᠭᠰᠠᠨ ᠵᠠᠮ ᠵᠢᠳᠭᠦᠭᠰᠡᠨ ᠲᠡᠷᠭᠡ》 ᠪᠣᠯ ᠤᠨ 《ᠲᠦᠷᠥ ᠳᠡᠭᠡᠨ ᠵᠢᠳᠬᠦᠯᠲᠡᠶ ᠬᠦᠮᠭᠦᠮ ᠰᠦᠮ᠎ᠡ  ᠵᠢᠨ ᠬᠡᠭᠡᠨ》 ᠵᠡᠷᠭᠡ ᠰᠣᠨᠢᠨ ᠮᠡᠳᠡᠭᠡᠨ ᠦ ᠴᠢᠨᠠᠷᠲᠠᠶ ᠨᠥᠯᠦᠭᠡ ᠶᠡᠬᠡᠲᠡᠢ ᠪᠦᠲᠦᠭᠡᠯ ᠦᠳ ᠢ ᠪᠢᠴᠢᠵᠦ ᠨᠡᠢᠲᠡᠯᠡᠭᠦᠯᠵᠡᠢ᠃ ᠪᠠᠰᠠ 《ᠰᠢᠯ ᠦᠵᠦᠮ ᠦᠨ ᠸᠠᠩ》᠂ 《ᠰᠢᠨ᠎ᠡ ᠡᠷᠡᠨ ᠦ ᠮᠠᠯᠴᠢᠨ ᠤ ᠡᠷᠢᠯ ᠬᠥᠭᠡᠭᠡᠴᠡᠯᠳᠦᠯ》᠂ 《ᠳᠠᠭᠤᠤ ᠪᠥᠵᠢᠭ ᠢ᠋ᠶ᠋ᠡᠷ ᠱᠤᠭᠤᠭᠰᠠᠨ ᠳᠦᠷᠢ》᠂ 《ᠥᠨᠢ ᠮᠥᠩᠬᠡ   ᠵᠢᠨ ᠠᠯᠲᠠᠨ ᠬᠥᠭᠦᠷᠭᠡ》᠂ 《ᠵᠣᠭᠰᠤᠰᠢ ᠦᠬᠡᠶ ᠵᠠᠩᠵ ᠤᠨ ᠤ ᠠᠯᠬᠤᠭ᠎ᠠ》᠂ 《ᠦᠨᠳᠦᠰᠦᠲᠡᠨ ᠦ ᠬᠡᠯᠡ ᠶᠢ ᠬᠡᠷᠡᠭᠯᠡᠵᠦ ᠬᠥᠭᠵᠢᠭᠦᠯᠬᠦ ᠥᠨᠢᠷ ᠰᠠᠢᠬᠠᠨ ᠬᠦᠷᠢᠶᠡᠯᠡᠩ》᠂ 《ᠭ᠋ᠬᠢᠷᠲᠥᠭᠳᠡᠭᠡᠳᠦᠢ ᠬᠡᠴᠡᠭᠦᠦ ᠪᠠᠶᠠᠨ ᠬᠠᠨ ᠰᠢᠩ ᠸᠠᠩ》 ᠵᠡᠷᠭᠡ ᠵᠣᠬᠢᠶᠠᠯ ᠢ ᠬᠢᠲᠠᠳ ᠮᠣᠩᠭᠤᠯ ᠬᠡᠯᠡ ᠪᠡᠷ ᠪᠢᠴᠢᠵᠦ ᠨᠡᠢᠲᠡᠯᠡᠭᠦᠯᠵᠡᠢ᠃ ᠯᠢᠦ  ᠵᠢᠨ ᠰᠦᠧᠸ 1988 ᠣᠨ ᠠᠴᠠ ᠡᠬᠢᠯᠡᠨ 《ᠦᠨᠳᠦᠰᠦᠲᠡᠨ ᠦ ᠪᠦᠯᠬᠦᠮᠳᠡᠯ》 ᠰᠡᠳᠭᠦᠯ ᠦ᠋ᠨ ᠤᠳᠤᠷᠢᠳᠬᠤ ᠠᠵᠢᠯ ᠢ ᠬᠠᠷᠢᠭᠤᠴᠠᠭᠰᠠᠨ ᠠᠴᠠ ᠨᠠᠭᠠᠰᠢ ᠡᠬᠡ ᠪᠢᠴᠢᠭ ᠬᠢᠨᠠᠨ ᠲᠣᠭᠲᠠᠭᠠᠬᠤ ᠠᠵᠢᠯ ᠢ ᠨᠡᠢᠳᠡᠮ ᠬᠢᠭᠰᠡᠭᠡᠷ ᠢᠷᠡᠭᠰᠡᠨ   ᠲᠦ᠍ᠯᠠ᠂ 1995 ᠣᠨ ᠳᠤ ᠳᠤᠮᠳᠠᠳᠤ ᠤᠯᠤᠰ  ᠤᠨ ᠮᠣᠩᠭᠤᠯ ᠰᠡᠳᠭᠦᠯ ᠦ᠋ᠨ ᠨᠡᠢᠭᠡᠮᠯᠢᠭ ᠦᠨ ᠡᠭᠡᠯᠵᠢᠲᠦ ᠬᠤᠷᠠᠯ ᠳᠡᠭᠡᠷ᠎ᠡ ᠭᠠᠪᠢᠶᠠ   ᠲᠦ᠍ ᠨᠠᠢᠷᠠᠭᠤᠯᠤᠭᠴᠢ ᠪᠠᠷ ᠴᠣᠯᠠᠯᠠᠭᠳᠠᠪᠠ᠃ ᠣᠲᠣ ᠳᠤᠮᠳᠠᠳᠤ ᠤᠯᠤᠰ  ᠤᠨ ᠰᠡᠳᠭᠦᠯᠴᠢᠳ ᠦ᠋ᠨ ᠨᠡᠢᠭᠡᠮᠯᠢᠭ ᠦᠨ ᠬᠡᠷᠡᠭ ᠡᠷᠬᠢᠯᠡᠭᠴᠢ᠂ ᠳᠤᠮᠳᠠᠳᠤ ᠤᠯᠤᠰ  ᠤᠨ ᠣᠷᠴᠢᠭᠤᠯᠭ᠎ᠠ  ᠵᠢᠨ ᠠᠵᠢᠯᠲᠠᠳ  ᠤᠨ ᠨᠡᠢᠭᠡᠮᠯᠢᠭ ᠦᠨ ᠬᠡᠷᠡᠭ ᠡᠷᠬᠢᠯᠡᠭᠴᠢ᠂ ᠳᠤᠮᠳᠠᠳᠤ ᠤᠯᠤᠰ  ᠤᠨ ᠣᠷᠴᠢᠭᠤᠯᠭ᠎ᠠ  ᠵᠢᠨ ᠠᠵᠢᠯᠲᠠᠨ ᠤ ᠨᠡᠢᠭᠡᠮᠯᠢᠭ ᠦᠨ ᠦᠨᠳᠦᠰᠦᠲᠡᠨ ᠦ ᠬᠡᠯᠡ ᠪᠡᠷ ᠣᠷᠴᠢᠭᠤᠯᠬᠤ ᠺᠣᠮᠢᠰ  ᠤᠨ ᠳᠡᠳ᠋ ᠡᠷᠬᠢᠯᠡᠭᠴᠢ᠂ ᠵᠤᠷᠭᠠᠨ ᠲᠣᠪᠴᠢᠶᠠᠨ ᠲᠠᠰ  ᠤᠨ ᠪᠠᠢᠴᠠᠭᠠᠨ ᠰᠤᠳᠤᠯᠤᠭᠴᠢ  ᠵᠢᠨ ᠡᠭᠦᠷᠭᠡ    ᠲᠤᠰᠢᠶᠠᠯ ᠢ ᠬᠠᠷᠢᠭᠤᠴᠠᠵᠤ ᠪᠠᠢᠨ᠎ᠠ᠃