ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠯᠠᠪᠠᠶ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠯᠠᠪᠠᠶ ( 1942—— ) ᠳᠡᠭᠡᠳᠦ ᠵᠡᠷᠭᠡ  ᠵᠢᠨ ᠨᠠᠢᠷᠠᠭᠤᠯᠤᠭᠴᠢ᠃ ᠥᠪᠦᠷ ᠮᠣᠩᠭᠤᠯ ᠤ᠋ᠨ ᠵᠢᠷᠢᠮ ᠠᠢᠮᠠᠭ  ᠤᠨ ᠵᠠᠷᠤᠳ ᠬᠣᠰᠢᠭᠤᠨ ᠳᠤ ᠲᠥᠷᠦᠵᠡᠢ᠃ 1960 ᠣᠨ ᠳᠤ ᠲᠦᠩᠯᠢᠶᠦᠦ  ᠵᠢᠨ ᠮᠣᠩᠭᠤᠯ ᠳᠤᠮᠳᠠᠳᠤ ᠰᠤᠷᠭᠠᠭᠤᠯᠢ ᠠᠴᠠ ᠲᠡᠭᠦᠰ ᠴᠤ᠌᠂ ᠥᠪᠦᠷ ᠮᠣᠩᠭᠤᠯ  ᠤᠨ ᠶᠡᠬᠡ ᠰᠤᠷᠭᠠᠭᠤᠯᠢ ᠳᠤ ᠣᠷᠤᠵᠤ᠂ 1965 ᠣᠨ ᠳᠤ ᠲᠡᠭᠦᠰᠦᠭᠡᠳ ᠪᠡᠭᠡᠵᠢᠩ ᠦᠨ ᠲᠧᠯᠸᠢᠰ ᠬᠣᠷᠢᠶ᠎ᠠ ( ᠣᠲᠣ  ᠵᠢᠨ ᠲᠥᠪ ᠦ᠋ᠨ ᠲᠧᠯᠸᠢᠰ ᠬᠣᠷᠢᠶ᠎ᠠ ) ᠳᠤ ᠰᠤᠷᠪᠤᠯᠵᠢᠯᠠᠭᠴᠢ  ᠵᠢᠨ ᠠᠵᠢᠯ ᠬᠢᠵᠠᠶ᠃ ᠲᠡᠷᠡ ᠠᠵᠢᠯ  ᠤᠨ ᠡᠭᠦᠷᠭᠡ ᠨᠣᠷᠮ᠎ᠠ ᠪᠠᠨ ᠬᠤᠪᠢ ᠳᠠᠬᠵᠢᠨ ᠢᠶᠠᠷ ᠪᠡᠶᠡᠯᠡᠭᠦᠯᠦᠨ ᠶᠠᠪᠤᠵᠤ᠂ ᠤᠳᠠᠭ᠎ᠠ ᠳᠠᠷᠠᠭ᠎ᠠ ᠪᠠᠷ ᠰᠠᠢᠰᠢᠶᠠᠯ ᠬᠥᠬᠢᠭᠦᠯᠦᠯ ᠬᠦᠷᠲᠡᠵᠦ ᠶᠠᠪᠤᠭᠰᠠᠨ ᠪᠥᠭᠡᠳ ᠤᠷᠢᠳ ᠬᠣᠵᠢᠳ ᠠᠽᠢᠶ᠎ᠠ᠂ ᠠᠹᠷᠢᠺᠠ᠂ ᠡᠸᠦᠷᠦᠫᠡ᠂ ᠠᠮᠧᠷᠢᠺᠠ᠂ ᠠᠦᠰᠲ᠋ᠷᠠᠯᠢᠶ᠎ᠠ ᠵᠡᠷᠭᠡ ᠣᠯᠠᠨ ᠲᠢᠪ ᠦᠨ ᠬᠡᠳᠦᠨ ᠠᠷᠪᠠᠨ ᠤᠯᠤᠰ ᠭᠦᠷᠦᠨ ᠢᠶᠡᠷ ᠰᠤᠷᠪᠤᠯᠵᠢᠯᠠᠨ ᠶᠠᠪᠤᠵᠤ᠂ 1984—— 1992 ᠣᠨ ᠪᠣᠯᠲᠠᠯ᠎ᠠ ᠰᠢᠶᠠᠩᠭᠠᠩ ᠳᠤ ᠲᠥᠪ ᠦ᠋ᠨ ᠲᠧᠯᠸᠢᠰ ᠬᠣᠷᠢᠶᠠᠨ ᠤ᠋ ᠰᠤᠷᠪᠤᠯᠵᠢᠯᠠᠭᠴᠢ  ᠵᠢᠨ ᠥᠷᠲᠡᠭᠡ ᠪᠠᠢᠭᠤᠯᠵᠤ᠂ ᠲᠡᠷᠢᠭᠦᠨ ᠦ ᠰᠤᠷᠪᠤᠯᠵᠢᠯᠠᠭᠴᠢ ᠪᠠᠷ ᠠᠵᠢᠯᠯᠠᠪᠠ᠃ ᠤᠯᠤᠰ ᠪᠠᠢᠭᠤᠯᠤᠭᠳᠠᠭᠰᠠᠨ ᠳᠦᠴᠢᠨ ᠲᠠᠪ ᠤᠨ ᠵᠢᠯ ᠦᠨ ᠣᠶ ᠪᠠ ᠶᠠᠫᠣᠨ ᠢ ᠡᠰᠡᠷᠭᠦᠴᠡᠬᠦ ᠳᠠᠵᠢᠨ ᠢᠯᠠᠭᠰᠠᠨ ᠤ ᠳᠡᠪᠵᠢᠨ ᠵᠢᠯ ᠦᠨ ᠣᠶ ᠳᠤ ᠵᠣᠷᠢᠭᠤᠯᠤᠭᠰᠠᠨ 《ᠴᠢᠯᠦᠭᠡᠯᠡᠯᠲᠡ》᠂ 《ᠢᠯᠠᠯᠲᠠ》 ᠭᠡᠰᠡᠨ ᠬᠣᠶᠠᠷ  ᠴᠤ᠌ᠪᠤᠷᠠᠯ    ᠲᠤᠰᠭᠠᠢ ᠮᠡᠳᠡᠭᠡᠯᠡᠯ ᠦᠨ ᠫᠷᠣᠭ᠌ᠷᠠᠮ ᠢ ᠭᠣᠣᠯᠯᠠᠨ ᠡᠷᠬᠢᠯᠡᠭᠡᠳ ᠪᠦᠬᠥ ᠤᠯᠤᠰ  ᠤᠨ 《ᠲᠠᠪ ᠤᠨ ᠨᠢᠭᠡ  ᠵᠢᠨ ᠢᠨᠵᠢᠨᠧᠷᠢᠩ》 ᠦᠨ ᠱᠠᠩᠨᠠᠯ ᠬᠦᠷᠲᠡᠪᠡ᠃ ᠲᠡᠷᠡ ᠮᠣᠩᠭᠤᠯ᠂ ᠬᠢᠲᠠᠳ᠂ ᠣᠷᠤᠰ᠂ ᠶᠠᠫᠣᠨ ᠳᠥᠷᠪᠡᠨ ᠬᠡᠯᠡᠨ ᠢ᠋ᠶ᠋ᠡᠷ ᠠᠵᠢᠯᠯᠠᠵᠤ᠂ ᠤᠷᠢᠳ ᠬᠣᠵᠢᠳ ᠬᠤᠪᠢ ᠪᠠᠷ ᠢᠶᠠᠨ ᠪᠤᠶᠤ ᠪᠤᠰᠤᠳ  ᠤᠨ ᠬᠠᠮᠲᠤ 《ᠠᠯᠲᠠᠨ ᠰᠢᠷ᠎ᠠ ᠵᠠᠮ》᠂ 《ᠵᠢᠷᠤᠮ ᠢᠶᠠᠷ ᠪᠠᠷᠢᠯᠳᠤᠭᠰᠠᠨ ᠨᠢᠳᠤᠷᠭᠠᠴᠢᠳ》᠂ 《ᠳᠤᠮᠳᠠᠳᠤ ᠤᠯᠤᠰ  ᠤᠨ ᠰᠢᠨ᠎ᠡ ᠠᠷᠠᠳᠴᠢᠯᠠᠭᠰᠠᠨ ᠬᠤᠪᠢᠰᠭᠠᠯ ᠤ᠋ᠨ ᠲᠡᠦᠬᠡ》᠂ 《ᠳ᠋ᠢᠶᠠᠯᠧᠺᠲ᠋ᠢᠭ ᠮᠠᠲ᠋ᠧᠷᠢᠶᠠᠯᠢᠰᠮ  ᠤᠨ ᠦᠨᠳᠦᠰᠦᠨ ᠶᠣᠰᠤ》 ᠵᠡᠷᠭᠡ ᠨᠣᠮ ᠪᠢᠴᠢᠭ ᠢ ᠮᠣᠩᠭᠤᠯᠴᠢᠯᠠᠵᠠᠢ᠃ ᠲᠡᠷᠡ ᠣᠲᠣ ᠳᠠᠭᠠᠨ ᠲᠥᠪ ᠦ᠋ᠨ ᠭᠠᠳᠠᠭᠠ ᠳ᠋ᠡᠬᠢ ᠤᠬᠠᠭᠤᠯᠬᠤ ᠠᠯᠪᠠᠨ ᠬᠡᠷ ᠦᠨ ᠲᠠᠢᠸᠠᠨ ᠳᠤ ᠤᠬᠠᠭᠤᠯᠬᠤ  ᠲᠤᠰᠭᠠᠢ ᠮᠡᠷᠭᠡᠵᠢᠯᠲᠡᠨ ᠦ ᠳᠡᠳ᠋ᠭᠡᠰᠢᠭᠦᠨ᠂ ᠳᠤᠮᠳᠠᠳᠤ ᠤᠯᠤᠰ  ᠤᠨ ᠲᠧᠯᠸᠢᠰ ᠦᠨ ᠲᠡᠮᠳᠡᠭᠯᠡᠯ ᠦᠨ 《ᠪᠠᠷᠢᠮᠲᠠ   ᠲᠦ᠍ ) ᠫᠷᠣᠭ᠌ᠷᠠᠮ ᠦᠨ ᠰᠤᠳᠤᠯᠭᠠᠨ ᠤ ᠨᠡᠢᠭᠡᠮᠯᠢᠭ ᠦᠨ ᠳᠡᠳ᠋ ᠳᠠᠷᠤᠭ᠎ᠠ᠂ ᠳᠤᠮᠳᠠᠳᠤ ᠤᠯᠤᠰ  ᠤᠨ ᠴᠥᠭᠡᠨ ᠲᠣᠭᠠᠨᠲᠦ᠍ ᠦᠨᠳᠦᠰᠦᠲᠡᠨ ᠦ ᠵᠣᠬᠢᠶᠠᠯᠴᠢᠳ  ᠤᠨ ᠰᠤᠳᠤᠯᠭᠠᠨ ᠤ ᠬᠤᠷᠠᠯ  ᠤᠨ ᠪᠠᠢᠩᠭᠤ  ᠵᠢᠨ ᠭᠡᠰᠢᠭᠦᠨ ᠵᠡᠷᠭᠡ ᠨᠡᠢᠭᠡᠮ ᠦᠨ ᠠᠵᠢᠯ    ᠲᠤᠰᠢᠶᠠᠯ ᠲᠠᠢ ᠪᠠᠢᠭ᠎ᠠ᠃