ᠨᠡᠷ᠎ᠡ:
ᠮᠥᠩᠬᠡᠪᠠᠭᠠᠲᠤᠷ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠮᠥᠩᠬᠡᠪᠠᠭᠠᠲᠤᠷ ( 1941 —— ) ᠬᠢᠨᠠᠨ ᠣᠷᠴᠢᠭᠤᠯᠤᠭᠴᠢ᠃ ᠥᠪᠦᠷ ᠮᠣᠩᠭᠤᠯ ᠤ᠋ᠨ ᠬᠣᠷᠴᠢᠨ ᠪᠠᠷᠠᠭᠤᠨ ᠭᠠᠷ ᠤᠨ ᠡᠮᠦᠨᠡᠲᠦ ᠬᠣᠰᠢᠭᠤᠨ ᠤ ᠬᠥᠮᠦᠨ᠃ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠃ 1965 ᠣᠨ ᠤ ᠵᠤᠨ ᠥᠪᠦᠷ ᠮᠣᠩᠭᠤᠯ ᠤ᠋ᠨ ᠶᠡᠬᠡ ᠰᠤᠷᠭᠠᠭᠤᠯᠢ ᠵᠢᠨ ᠮᠣᠩᠭᠤᠯ ᠬᠡᠯᠡ ᠪᠢᠴᠢᠭ ᠤᠳᠭ᠎ᠠ ᠵᠣᠬᠢᠶᠠᠯ ᠤᠨ ᠰᠠᠯᠪᠤᠷᠢ ᠠᠴᠠ ᠰᠤᠷᠤᠯᠭ᠎ᠠ ᠲᠡᠭᠦᠰᠭᠡᠵᠦ᠂ ᠥᠪᠦᠷ ᠮᠣᠩᠭᠤᠯ ᠤ᠋ᠨ ᠰᠤᠷᠭᠠᠨ ᠬᠥᠮᠦᠵᠢᠯ ᠦ᠋ᠨ ᠲᠢᠩᠬᠢᠮ ᠳᠦ ᠠᠵᠢᠯ ᠬᠤᠪᠢᠶᠠᠭᠳᠠᠭᠠᠳ᠂ ᠲᠢᠩᠬᠢᠮ ᠦᠨ ᠠᠯᠪᠠᠨ ᠬᠡᠷ ᠲᠦ ᠣᠷᠴᠢᠭᠤᠯᠤᠭᠴᠢ ᠪᠠᠷ ᠠᠵᠢᠯᠯᠠᠪᠠ᠃ 1969 ᠣᠨ ᠳᠤ᠂ ᠶᠡᠬᠡ ᠵᠣᠣ ᠠᠢᠮᠠᠭ ᠤᠨ ᠦᠦᠰᠢᠨ ᠬᠣᠰᠢᠭᠤᠨ ᠤ ᠤᠯᠠᠭᠠᠨ ᠲᠣᠯᠦ᠍ᠭᠠᠶ ᠨᠢᠭᠡᠳᠦᠯ ᠳᠦ ᠠᠵᠢᠯ ᠰᠢᠯᠵᠢᠪᠡ᠃ 1973 ᠣᠨ ᠳᠤ 《ᠬᠥᠯᠦᠨ ᠪᠤᠢᠷ ᠤ᠋ᠨ ᠡᠳᠦᠷ ᠦᠨ ᠰᠣᠨᠢᠨ》 ᠤ ᠬᠣᠷᠢᠶᠠᠨ ᠳ᠋ᠤ᠌ ᠠᠵᠢᠯ ᠰᠢᠯᠵᠢᠭᠡᠳ᠂ ᠨᠠᠢᠷᠠᠭᠤᠯᠬᠤ ᠰᠤᠷᠪᠤᠯᠵᠢᠯᠠᠬᠤ ᠣᠷᠴᠢᠭᠤᠯᠬᠤ ᠠᠵᠢᠯ ᠳᠤ ᠨᠠᠰᠤᠨ ᠤ ᠠᠮᠠᠷᠠᠯᠲᠠ ᠪᠠᠨ ᠠᠪᠲᠠᠯ᠎ᠠ ᠪᠠᠨ ᠠᠵᠢᠯᠯᠠᠵᠠᠶ᠃ ᠡᠨᠡ ᠬᠣᠭᠤᠷᠤᠨᠳᠤ ᠨᠠᠢᠷᠠᠭᠤᠯᠬᠤ ᠬᠡᠯᠲᠡᠰ ᠦᠨ ᠡᠷᠬᠢᠯᠡᠭᠴᠢ᠂ ᠶᠡᠷᠦᠩᠬᠡᠶ ᠨᠠᠢᠷᠠᠭᠤᠯᠤᠭᠴᠢ ᠵᠢᠨ ᠠᠯᠪᠠᠨ ᠬᠡᠷ ᠦᠨ ᠡᠷᠬᠢᠯᠡᠭᠴᠢ᠂ ᠳᠡᠳ᠋ ᠶᠡᠷᠦᠩᠬᠡᠶ ᠨᠠᠢᠷᠠᠭᠤᠯᠤᠭᠴᠢ ᠵᠢᠨ ᠲᠤᠰᠢᠶᠠᠯ ᠢ ᠤᠷᠢᠳ ᠬᠣᠵᠢᠳ ᠬᠠᠷᠢᠭᠤᠴᠠᠵᠠᠶ᠃ ᠲᠡᠷᠡ ᠪᠡᠷ ᠤᠷᠠᠨ ᠵᠣᠬᠢᠶᠠᠯ ᠤᠨ ᠨᠢᠭᠤᠷ ᠢ ᠬᠠᠷᠢᠭᠤᠴᠠᠨ ᠨᠠᠢᠷᠠᠭᠤᠯᠵᠤ ᠪᠠᠢᠬᠤ ᠳᠠᠭᠠᠨ ᠰᠣᠨᠢᠨ ᠳᠤ ᠨᠡᠢᠲᠡᠯᠡᠭᠳᠡᠭᠰᠡᠨ ᠵᠣᠬᠢᠶᠠᠯ ᠤᠳ ᠢ ᠨᠢ ᠡᠮᠬᠢᠳᠭᠡᠨ ᠨᠠᠢᠷᠠᠭᠤᠯᠵᠤ᠂ 《ᠬᠥᠯᠦᠨ ᠪᠤᠢᠷ ᠤ᠋ᠨ ᠰᠢᠨ᠎ᠡ ᠳᠠᠭᠤᠯᠠᠯ》 ( ᠰᠢᠯᠦᠭ ᠦᠨ ᠲᠡᠭᠦᠪᠦᠷᠢ )᠂ 《ᠮᠠᠯᠵᠢᠬᠤ ᠣᠷᠤᠨ ᠤ᠋ ᠰᠢᠨ᠎ᠡ ᠦᠵᠡᠮᠵᠢ》 ( ᠨᠠᠢᠷᠠᠭᠤᠯᠤᠯ ᠤᠨ ᠲᠡᠭᠦᠪᠦᠷᠢ ) ᠭᠡᠳᠡᠭ ᠬᠣᠶᠠᠷ ᠵᠣᠬᠢᠶᠠᠯ ᠤᠨ ᠲᠡᠭᠦᠪᠦᠷᠢ ᠬᠡᠪᠯᠡᠭᠦᠯᠵᠡᠢ᠃ ᠳᠡᠳ᠋ ᠶᠡᠷᠦᠩᠬᠡᠶ ᠨᠠᠢᠷᠠᠭᠤᠯᠤᠭᠴᠢ ᠪᠣᠯᠤᠭᠰᠠᠨ ᠤ᠋ ᠳᠠᠷᠠᠭ᠎ᠠ᠂ 12 ᠰᠤᠷᠪᠤᠯᠵᠢᠯᠠᠭᠴᠢ ᠶᠢ ᠵᠣᠬᠢᠶᠠᠨ ᠪᠠᠢᠭᠤᠯᠵᠤ᠂ ᠬᠥᠯᠦᠨ ᠪᠤᠢᠷ ᠤ᠋ᠨ ᠳᠥᠴᠢᠭᠡᠳ ᠰᠤᠮᠤ ᠪᠠᠯᠭᠠᠰ ᠤᠨ ᠳᠤ ᠣᠴᠢᠭᠤᠯᠤᠨ ᠰᠤᠷᠪᠤᠯᠵᠢᠯᠠᠵᠤ ᠵᠠᠭᠤ ᠵᠢᠷᠠᠭᠠᠳ ᠮᠡᠳᠡᠭᠡᠯᠡᠯ ᠪᠢᠴᠢᠭᠦᠯᠦᠭᠡᠳ᠂ 《ᠪᠠᠶᠠᠨ ᠳᠡᠯᠭᠡᠷ ᠨᠤᠲᠤᠭ》 ᠬᠡᠮᠡᠬᠦ ᠮᠡᠳᠡᠭᠡᠯᠡᠯ ᠦᠨ ᠲᠡᠭᠦᠪᠦᠷᠢ ᠬᠡᠪᠯᠡᠭᠦᠯᠪᠡ᠃ ᠡᠭᠦᠨ ᠡᠴᠡ ᠭᠠᠳᠠᠨ᠎ᠠ ᠪᠠᠰᠠ 《 ᠲᠦ᠍ᠯᠭᠠ ᠵᠢᠨ ᠭᠤᠷᠪᠠᠨ ᠴᠢᠯᠠᠭᠤ》᠂ 《ᠮᠥᠩᠭᠦᠨ ᠴᠠᠯᠭᠢᠶ᠎ᠠ》 ᠮᠡᠲᠦ ᠵᠢᠨ ᠮᠡᠳᠡᠭᠡᠯᠡᠯ ᠦᠨ ᠲᠡᠭᠦᠪᠦᠷᠢ ᠬᠡᠪᠯᠡᠭᠦᠯᠵᠡᠢ᠃ ᠡᠲᠡᠭᠡᠷ ᠪᠣᠯ ᠲᠡᠭᠦᠨ ᠦ ᠬᠦᠨᠳᠦ ᠴᠢᠬᠤᠯᠠ ᠮᠡᠳᠡᠭᠡᠯᠡᠯ ᠦᠨ ᠠᠵᠢᠯᠯᠠᠭ᠎ᠠ ᠶᠢ ᠤᠬᠠᠭᠠᠯᠠᠨ ᠲᠥᠰᠦᠪᠯᠡᠵᠦ ᠵᠣᠬᠢᠶᠠᠨ ᠪᠠᠢᠭᠤᠯᠤᠭᠰᠠᠨ ᠤ ᠦᠷ᠎ᠡ ᠪᠦᠲᠦᠮᠵᠢ ᠮᠥᠨ᠃ ᠲᠡᠷᠡ ᠬᠦᠨᠳᠦ ᠴᠢᠬᠤᠯᠠ ᠨᠡᠢᠲᠡᠯᠢᠭ ᠵᠢᠰ᠌ᠢᠶᠡᠨ ᠦ ᠮᠡᠳᠡᠭᠡᠯᠡᠯ ᠪᠠ ᠤᠷᠠᠨ ᠴᠢᠮᠡᠭᠡᠯᠡᠯ ᠪᠢᠴᠢᠬᠦ ᠳᠡᠭᠡᠨ ᠴᠢᠳᠠᠮᠠᠭᠠᠶ ᠪᠠᠢᠳᠠᠭ᠃ 《ᠴᠢᠨᠳᠠᠮᠤᠨᠢ ᠵᠢᠨ ᠨᠤᠲᠤᠭ ᠲᠦ᠍》᠂ 《ᠬᠠᠷ᠎ᠠ ᠲᠦᠢᠮᠡᠷ ᠤᠨᠲᠠᠷᠠᠵᠤ ᠬᠠᠨᠠᠭᠠᠷ ᠲᠠᠯ᠎ᠠ ᠬᠦᠬᠡᠷᠡᠪᠡᠶ》 ᠭᠡᠰᠡᠨ ᠬᠣᠶᠠᠷ ᠴᠢᠮᠡᠭᠡᠯᠡᠯ ᠢᠶᠡᠨ ᠲᠤᠰ ᠲᠤᠰ ᠳᠥᠷᠪᠡᠨ ᠵᠦᠰᠦᠮ ᠦᠨ ᠳᠥᠷᠪᠡᠨ ᠨᠢᠭᠤᠷ ᠰᠣᠨᠢᠨ ᠢ ᠪᠦᠷᠢᠨ ᠡᠵᠡᠯᠡᠭᠦᠯᠵᠦ ᠨᠡᠢᠲᠡᠯᠡᠭᠦᠯᠵᠡᠢ᠃ 《ᠡᠳ᠋ ᠪᠠᠷᠢᠭᠴᠢ ᠡᠳ᠋ ᠪᠠᠷᠢᠵᠤ ᠡᠬᠢᠯᠡᠯ᠎ᠡ》 ᠭᠡᠳᠡᠭ ᠮᠡᠳᠡᠭᠡ ᠪᠠ 《ᠠᠷᠠᠳ ᠤᠨ ᠲᠥᠯᠦᠭᠡᠯᠡᠭᠴᠢ ᠡᠢᠮᠦ ᠯᠡ ᠪᠠᠢᠬᠤ ᠶᠣᠰᠣᠲᠠᠶ》 ᠭᠡᠳᠡᠭ ᠴᠢᠮᠡᠭᠡᠯᠡᠯ ᠨᠢ ᠲᠤᠰ ᠲᠤᠰ 1987 ᠣᠨ ᠪᠠ 1989 ᠣᠨ ᠳᠤ ᠳᠤᠮᠳᠠᠳᠤ ᠤᠯᠤᠰ ᠤᠨ ᠴᠥᠭᠡᠨ ᠲᠣᠭᠠᠨ ᠲᠦ᠍ ᠦᠨᠳᠦᠰᠦᠲᠡᠨ ᠦ ᠣᠷᠤᠨ ᠤ᠋ ᠰᠣᠨᠢᠨ ᠤ ᠰᠠᠵᠢᠨ ᠡᠬᠡ ᠪᠢᠴᠢᠭ ᠦᠨ ᠰᠢᠯᠭᠠᠷᠠᠭᠤᠯᠤᠯᠲᠠ ᠳᠤ ᠬᠣᠶᠠᠳᠤᠭᠠᠷ ᠲᠠᠰ ᠤᠨ ᠱᠠᠩᠨᠠᠯ ᠬᠦᠷᠲᠡᠪᠡ᠃ 《ᠬᠤᠨ ᠡᠭᠡᠨᠢᠭᠰᠢᠭᠰᠡᠨ ᠨᠤᠲᠤᠭ ᠲᠦ᠍》 ᠭᠡᠳᠡᠭ ᠰᠢᠷᠢᠰ ᠴᠢᠮᠡᠭᠡᠯᠡᠯ ᠨᠢ 1990 ᠣᠨ ᠳᠤ ᠥᠪᠦᠷ ᠮᠣᠩᠭᠤᠯ ᠤ᠋ᠨ 《ᠰᠠᠵᠢᠨ ᠰᠣᠨᠢᠨ ᠮᠡᠳᠡᠭᠡᠨ ᠦ ᠱᠠᠩᠨᠠᠯ》 ᠤᠨ ᠨᠢᠭᠡᠳᠦᠭᠡᠷ ᠲᠠᠰ ᠤᠨ ᠱᠠᠩᠨᠠᠯ ᠬᠦᠷᠲᠡᠪᠡ᠃ 《ᠴᠠᠭ ᠦᠶ᠎ᠡ ᠵᠢᠨ ᠬᠠᠲᠠᠭᠤ ᠨᠤᠮᠤ ᠳᠡᠭᠡᠷ᠎ᠡ ᠳᠠᠭᠤ ᠲᠦ᠍ ᠵᠠᠪᠠ ᠰ᠌ᠤᠤᠭ ᠰᠢᠨ᠎ᠡ》 ᠭᠡᠳᠡᠭ ᠴᠢᠮᠡᠭᠡᠯᠡᠯ ᠨᠢ 1997 ᠣᠨ ᠳᠤ 《ᠥᠪᠦᠷ ᠮᠣᠩᠭᠤᠯ ᠤ᠋ᠨ ᠰᠣᠨᠢᠨ ᠮᠡᠳᠡᠭᠡᠨ ᠦ ᠱᠠᠩᠨᠠᠯ》 ᠤᠨ ᠨᠢᠭᠡᠳᠦᠭᠡᠷ ᠲᠠᠰ ᠤᠨ ᠱᠠᠩᠨᠠᠯ᠂ ᠪᠦᠬᠥ ᠤᠯᠤᠰ ᠤᠨ ᠮᠣᠩᠭᠤᠯ ᠰᠣᠨᠢᠨ ᠤ ᠰᠠᠵᠢᠨ ᠰᠣᠨᠢᠨ ᠮᠡᠳᠡᠭᠡᠨ ᠦ ᠱᠠᠩᠨᠠᠯ ᠤᠨ ᠨᠢᠭᠡᠳᠦᠭᠡᠷ ᠲᠠᠰ ᠤᠨ ᠱᠠᠩᠨᠠᠯ᠂ ᠪᠦᠬᠥ ᠤᠯᠤᠰ ᠤᠨ ᠴᠥᠭᠡᠨ ᠲᠣᠭᠠᠨᠲᠦ᠍ ᠦᠨᠳᠦᠰᠦᠲᠡᠨ ᠦ ᠣᠷᠤᠨ ᠤ᠋ ᠰᠣᠨᠢᠨ ᠤ ᠰᠠᠵᠢᠨ ᠡᠬᠡ ᠪᠢᠴᠢᠭ ᠦᠨ ᠰᠢᠯᠭᠠᠷᠠᠭᠤᠯᠤᠯᠲᠠ ᠳᠤ ᠨᠢᠭᠡᠳᠦᠭᠡᠷ ᠲᠠᠰ ᠤᠨ ᠱᠠᠩᠨᠠᠯ ᠬᠦᠷᠲᠡᠪᠡ᠃ 《ᠯᠧᠢ ᠹᠧᠩ ᠦᠨ ᠦᠯᠢᠭᠡᠷ》᠂ 《ᠵᠧᠦ ᠶᠡᠷᠦᠩᠬᠡᠶ ᠰᠠᠢᠳ ᠤᠨ ᠦᠯᠢᠭᠡᠷ》᠂ 《ᠳᠠᠵᠢᠨ ᠤ᠋ ᠦᠶ᠎ᠡ ᠳᠡᠬᠢ ᠵᠣ ᠳ᠋ᠸ ᠨᠥᠬᠦᠷ》᠂ 《ᠠᠭᠤᠯᠠᠨ ᠰᠠᠷᠮᠠᠭᠴᠢᠨ ᠪᠠ ᠪᠠᠷᠰ ᠢᠷᠪᠢᠰ》 ᠭᠡᠳᠡᠭ ᠳᠥᠷᠪᠡᠨ ᠳᠡᠪᠲᠡᠷ ᠨᠣᠮ ᠣᠷᠴᠢᠭᠤᠯ ᠤᠨ ᠬᠡᠪᠯᠡᠭᠦᠯᠵᠦ᠂ ᠦᠯᠡᠮᠵᠢᠬᠡᠨ ᠰᠢᠯᠦᠭ ᠤᠶᠠᠩᠭ᠎ᠠ ᠶᠢ ᠣᠷᠴᠢᠭᠤᠯ ᠤᠨ ᠨᠡᠢᠲᠡᠯᠡᠭᠦᠯᠵᠡᠢ᠃ ᠨᠠᠰᠤᠨ ᠤ ᠠᠮᠠᠷᠠᠯᠲᠠ ᠪᠠᠨ ᠠᠪᠬᠤ ᠠᠴᠠ ᠪᠠᠨ ᠡᠮᠦᠨᠡᠬᠡᠨ 《ᠵᠡᠭᠡᠷ᠎ᠡ᠂ ᠴᠢᠨᠤ᠎ᠠ᠂ ᠬᠥᠮᠦᠨ》 ᠭᠡᠰᠡᠨ 26 ᠲᠦᠮᠡ ᠰᠢᠬᠠᠮ ᠦᠭᠡ ᠲᠡᠢ ᠤᠷᠠᠨ ᠵᠣᠬᠢᠶᠠᠯ ᠤᠨ ᠲᠡᠭᠦᠪᠦᠷᠢ ᠪᠡᠨ ᠬᠡᠪᠯᠡᠭᠦᠯᠪᠡ᠃ ᠡᠨᠡ ᠲᠡᠭᠦᠪᠦᠷᠢ ᠳᠦ ᠲᠡᠭᠦᠨ ᠦ ᠪᠢᠴᠢᠭᠰᠡᠨ ᠦᠯᠡᠮᠵᠢᠬᠡᠨ ᠰᠢᠯᠦᠭ ᠨᠠᠢᠷᠠᠭᠤᠯᠤᠯ᠂ ᠥᠭᠦᠯᠡᠯᠭᠡ ᠲᠤᠭᠤᠵᠢ ᠪᠠ ᠮᠡᠳᠡᠭᠡᠯᠡᠯ ᠦᠨ ᠤᠷᠠᠨ ᠵᠣᠬᠢᠶᠠᠯ ᠠᠴᠠ 20 ᠵᠣᠬᠢᠶᠠᠯ ᠢ ᠰᠣᠩᠭᠤᠨ ᠣᠷᠤᠭᠤᠯᠪᠠ᠃ ᠲᠡᠭᠦᠨ ᠦ ᠵᠠᠷᠢᠮ ᠵᠣᠬᠢᠶᠠᠯ ᠨᠢ ᠳᠤᠮᠳᠠᠳᠤ ᠰᠤᠷᠭᠠᠭᠤᠯᠢ ᠪᠠ ᠳᠡᠭᠡᠳᠦ ᠰᠤᠷᠭᠠᠭᠤᠯᠢ ᠵᠢᠨ ᠵᠢᠭᠠᠬᠤ ᠮᠠᠲ᠋ᠧᠷᠢᠶᠠᠯ ᠳᠤ ᠰᠢᠯᠢᠭᠳᠡᠨ ᠣᠷᠣᠵᠠᠶ᠃ ᠲᠡᠷᠡ ᠳᠤᠮᠳᠠᠳᠤ ᠤᠯᠤᠰ ᠤᠨ ᠮᠣᠩᠭᠤᠯ ᠬᠡᠯᠡ ᠪᠢᠴᠢᠭ ᠦᠨ ᠰᠢᠨᠵᠢᠯᠡᠭᠡᠨ ᠦ ᠨᠡᠢᠭᠡᠮᠯᠢᠭ ᠦᠨ ᠭᠡᠰᠢᠭᠦᠨ᠂ ᠥᠪᠦᠷ ᠮᠣᠩᠭᠤᠯ ᠤ᠋ᠨ ᠵᠣᠬᠢᠶᠠᠯᠴᠢᠳ ᠤᠨ ᠡᠪᠯᠡᠯ ᠦᠨ ᠺᠡᠰᠢᠭᠦᠨ ᠵᠡᠷᠭᠡ ᠨᠡᠢᠭᠡᠮ ᠦᠨ ᠲᠤᠰᠢᠶᠠᠯ ᠲᠠᠢ᠃
Copyight 2016 by nmgmzw.gov.cn All Rights Reserved