ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠮᠢᠭᠮᠠᠷ᠂

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠮᠢᠭᠮᠠᠷ᠂ ( 1937~ ) ᠰᠡᠳᠭᠦᠯᠴᠢ᠃ ᠮᠣᠩᠭᠤᠯ ᠤᠯᠤᠰ  ᠤᠨ ᠳᠣᠷᠣᠨᠠ   ᠲᠦ᠍ ᠠᠢᠮᠠᠭ  ᠤᠨ ᠮᠠᠲᠠᠳ ᠰᠤᠮᠤ  ᠵᠢᠨ ᠨᠤᠲᠤᠭ    ᠲᠦ᠍ ᠲᠥᠷᠦᠵᠡᠢ᠃ ᠵᠠᠯᠠᠭᠤ ᠳᠠᠭᠠᠨ ᠴᠣᠢᠪᠠᠯᠰᠠᠩ ᠬᠣᠲᠠ  ᠵᠢᠨ ᠪᠠᠭᠰᠢ  ᠵᠢᠨ ᠰᠤᠷᠭᠠᠭᠤᠯᠢ ᠲᠡᠭᠦᠰᠭᠡᠭᠡᠳ ᠪᠠᠨᠰᠢ  ᠵᠢᠨ ᠠᠵᠢᠯ ᠬᠢᠪᠡ᠃ 1964 ᠣᠨ ᠳᠤ ᠮᠣᠩᠭᠤᠯ ᠤᠯᠤᠰ  ᠤᠨ ᠶᠡᠬᠡ ᠰᠤᠷᠭᠠᠭᠤᠯᠢ  ᠵᠢᠨ ᠰᠡᠳᠭᠦᠯᠴᠢ   ᠵᠢᠨ ᠠᠩᠭᠢ ᠶᠢ ᠲᠡᠭᠦᠰ ᠴᠤ᠌᠂ 《ᠤᠬᠠᠭᠤᠯᠤᠭᠴᠢ》 ᠰᠡᠳᠭᠦᠯ ᠳ᠋ᠦ᠍ ᠠᠵᠢᠯᠯᠠᠪᠠ᠃ ᠳᠠᠷᠠᠭ᠎ᠠ ᠨᠢ ᠮᠤᠰᠭᠧᠨ ᠳᠤ ᠨᠡᠢᠭᠡᠮ ᠦᠨ ᠤᠬᠠᠭᠠᠨ ᠤ ᠠᠺᠠᠳᠧᠮᠢ ( ᠬᠦᠷᠢᠶᠡᠯᠡᠩ ) ᠳᠦ ᠰᠤᠷᠤᠯᠴᠠᠨ ᠳᠡᠳ᠋ ᠡᠷᠳᠡᠮᠲᠡᠨ ᠴᠣᠯᠠ ᠬᠠᠮᠠᠭᠠᠯᠠᠪᠠ᠃ 1964—— 1973 ᠣᠨ ᠪᠣᠯᠲᠠᠯ᠎ᠠ ᠨᠠᠮ  ᠤᠨ ᠲᠥᠪ ᠬᠣᠷᠢᠶᠠᠨ ᠤ᠋ 《ᠤᠬᠠᠭᠤᠯᠤᠭᠴᠢ》 ᠰᠡᠳᠭᠦᠯ ᠦ᠋ᠨ ᠨᠠᠷᠢᠨ ᠪᠢᠴᠢᠭ ᠦᠨ ᠳᠠᠷᠤᠭ᠎ᠠ᠂ ᠡᠷᠬᠢᠯᠡᠭᠴᠢ ᠪᠠᠢᠵᠤ᠂ ᠳᠠᠷᠠᠭ᠎ᠠ ᠨᠢ 1978—— 1994 ᠣᠨ ᠳᠤ 《ᠬᠥᠳᠡᠯᠮᠦᠷᠢ》 ᠰᠣᠨᠢᠨ ᠤ ᠶᠡᠷᠦᠩᠬᠡᠶ ᠡᠷᠬᠢᠯᠡᠭᠴᠢ ᠪᠡᠷ᠂ 1995~ 1997 ᠣᠨ ᠳᠤ 《ᠣᠶ ᠤᠨ ᠲᠡᠯᠡᠶ》 ᠰᠣᠨᠢᠨ ᠳᠤ ᠡᠷᠬᠢᠯᠡᠭᠴᠢ ᠪᠡᠷ ᠠᠵᠢᠯᠯᠠᠵᠤ ᠪᠢᠯᠡ᠃ 《ᠬᠥᠳᠡᠯᠮᠦᠷᠢ》 ᠰᠣᠨᠢᠨ ᠳᠤ ᠪᠠᠢᠬᠤ ᠳᠠᠭᠠᠨ ᠲᠤᠰ ᠰᠣᠨᠢᠨ ᠤ ᠮᠡᠳᠡᠭᠡᠯᠡᠯ ᠦᠨ ᠴᠢᠨᠠᠷ ᠴᠢᠨᠰᠠᠭ᠎ᠠ ᠶᠢ ᠬᠦ ᠴᠤ᠌ᠲᠡᠶ ᠠᠳᠭᠤᠵᠤ᠂ 50 ᠵᠢᠯ ᠦᠨ ᠣᠶ  ᠵᠢᠨ 10 ᠮᠢᠩᠭᠠᠨ ᠳ᠋ᠤᠭᠠᠷ ᠢ ᠪᠦᠲᠦᠮᠵᠢ ᠲᠡᠢ ᠡᠷᠬᠢᠯᠡᠭᠰᠡᠨ ᠡᠴᠡ 《ᠬᠥᠳᠡᠯᠮᠦᠷᠢ》 ᠰᠣᠨᠢᠨ ᠲᠦᠷᠥ  ᠵᠢᠨ ᠬᠥᠳᠡᠯᠮᠦᠷᠢ   ᠵᠢᠨ ᠭᠠᠪᠢᠶᠠᠨ ᠤ ᠤᠯᠠᠭᠠᠨ    ᠲᠤᠭ  ᠤᠨ ᠣᠳᠣᠨ ᠪᠠ ᠰᠦᠬᠡᠪᠠᠭᠠᠲᠤᠷ ᠤ᠋ᠨ ᠣᠳᠣᠨ ᠤ ᠱᠠᠩᠨᠠᠯ ᠢ ᠬᠦᠷᠲᠡᠵᠡᠶ᠃ ᠵᠥᠪᠯᠡᠯᠲᠦ ᠬᠣᠯᠪᠤᠭᠠᠨ   ᠲᠦ᠍ ᠤᠯᠤᠰ  ᠤᠨ ᠰᠡᠳᠭᠦᠯᠴᠢ ᠨ?᠂ ᠺᠠᠷᠠᠶᠸᠯᠠᠶ ᠨᠠᠷ ᠲᠠᠢ ᠬᠠᠮᠲᠤᠷᠠᠵᠤ    ᠲᠤᠭᠤᠷᠪᠢᠨ ᠬᠡᠪᠯᠡᠭᠦᠯᠦᠭᠰᠡᠨ ᠲᠡᠭᠦᠨ ᠦ ᠰᠣᠨᠢᠨ ᠮᠡᠳᠡᠭᠡᠯᠡᠯ ᠦᠨ ᠪᠦᠲᠦᠭᠡᠯ ᠨᠢ ᠣᠷᠤᠰ᠂ ᠹᠷᠠᠨᠼᠢ᠂ ᠠᠩᠭᠯᠢ᠂ ᠢᠰᠫᠠᠨᠢ᠂ ᠠᠷᠠᠪ ᠬᠡᠯᠡ ᠪᠡᠷ ᠣᠷᠴᠢᠭᠤᠯᠤᠭᠳᠠᠨ ᠬᠡᠪᠯᠡᠭᠳᠡᠵᠡᠢ᠃ ᠪᠠᠰᠠ 《ᠨᠡᠢᠭᠡᠮ ᠦᠨ ᠮᠡᠳᠡᠭᠡᠯᠡᠯ ᠪᠠ ᠦᠵᠡᠯ ᠰᠤᠷᠲᠠᠯ  ᠤᠨ ᠶᠠᠪᠤᠴᠠ ᠶᠢ ᠤᠳᠤᠷᠢᠳᠬᠤ ᠨᠢ》 ( ᠪᠤᠰᠤᠳ ᠲᠠᠢ ᠬᠠᠮᠲᠤᠷᠠᠪᠠ )᠂ 《ᠦᠵᠡᠯ ᠰᠤᠷᠲᠠᠯ ᠤᠯᠤᠰ ᠲᠦᠷᠥ —— ᠬᠥᠮᠦᠵᠢᠯ ᠦ᠋ᠨ ᠠᠵᠢᠯ  ᠤᠨ ᠲᠥᠯᠦᠪᠯᠡᠭᠡᠵᠢᠭᠦᠯᠦᠯᠲᠡ》 ( ᠪᠤᠰᠤᠳ ᠲᠠᠢ ᠬᠠᠮᠲᠤᠷᠠᠪᠠ ) ᠵᠡᠷᠭᠡ ᠰᠣᠨᠢᠨ ᠰᠡᠳᠭᠦᠯ ᠰᠤᠳᠤᠯᠭᠠᠨ ᠤ ᠨᠣᠮ ᠵᠣᠬᠢᠶᠠᠨ ᠬᠡᠪᠯᠡᠭᠦᠯᠵᠡᠢ᠃ ( ? . ᠵᠠᠨᠲᠠᠷᠠᠪᠠᠢᠲᠠᠶ )