ᠨᠡᠷ᠎ᠡ:
ᠮᠠᠨᠢᠵᠠᠪ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠮᠠᠨᠢᠵᠠᠪ ( 1921 —— 1996 ) ᠪᠢᠴᠢᠭ ᠦᠨ ᠨᠡᠷ᠎ᠡ ? . ᠫᠦᠷᠪᠦ᠂ ᠮᠣᠩᠭᠤᠯ ᠰᠣᠨᠢᠨ ᠤ ᠠᠩᠬᠠᠨ ᠤ ᠨᠠᠢᠷᠠᠭᠤᠯᠤᠭᠴᠢ᠂ ᠣᠷᠴᠢᠭᠤᠯᠤᠭᠴᠢ᠂ ᠵᠣᠬᠢᠶᠠᠯᠴᠢ᠃ ᠥᠪᠦᠷ ᠮᠣᠩᠭᠤᠯ ᠤ᠋ᠨ ᠬᠦᠷᠢᠶ᠎ᠡ ᠬᠣᠰᠢᠭᠤᠨ ᠤ ᠬᠥᠮᠦᠨ᠃ 1936 ᠣᠨ ᠳᠤ ᠸᠠᠩ ᠤᠨ ᠰᠦᠮ᠎ᠡ ( ᠣᠳᠣᠬᠢ ᠤᠯᠠᠭᠠᠨᠬᠣᠲᠠ ) ᠳᠠᠬᠢ ᠬᠢᠩᠭᠠᠨ ᠳᠡᠭᠡᠳᠦ ᠰᠤᠷᠭᠠᠭᠤᠯᠢ ᠳᠤ ᠣᠷᠤᠵᠤ ᠮᠣᠩᠭᠤᠯ᠂ ᠶᠠᠫᠣᠨ᠂ ᠬᠢᠲᠠᠳ ᠬᠡᠯᠡ ᠪᠢᠴᠢᠭ ᠰᠤᠷᠪᠠ᠃ 194) ᠣᠨ ᠤ 3 ᠰᠠᠷ᠎ᠠ ᠠᠴᠠ 1945 ᠣᠨ ᠤ 6 ᠰᠠᠷ᠎ᠠ ᠬᠦᠷᠲᠡᠯ᠎ᠡ ᠬᠠᠭᠤᠷᠮᠠᠭ ᠮᠠᠨᠵᠤ ᠤᠯᠤᠰ ᠤᠨ 《ᠬᠥᠬᠡ ᠲᠤᠭ》 ᠰᠣᠨᠢᠨ ᠤ ᠰᠡᠳᠭᠦᠯ ᠦ᠋ᠨ ᠬᠡᠯᠲᠡᠰ ᠲᠦ ᠣᠷᠴᠢᠭᠤᠯ ᠤᠨ ᠨᠠᠢᠷᠠᠭᠤᠯᠬᠤ ᠠᠵᠢᠯ ᠬᠠᠷᠢᠭᠤᠴᠠᠪᠠ᠃ ᠡᠨᠡ ᠬᠤᠭᠤᠴᠠᠭᠠᠨ ᠳᠤ 《ᠴᠢᠩᠭᠢᠰ ᠬᠠᠭᠠᠨ ᠤ ᠦᠯᠢᠭᠡᠷ》 《ᠮᠣᠩᠭᠤᠯ ᠦᠨᠳᠦᠰᠦᠲᠡᠨ ᠬᠢᠭᠡᠳ ᠲᠡᠭᠦᠨ ᠦ ᠲᠡᠦᠬᠡ》 ᠭᠡᠬᠦ ᠨᠣᠮ ᠢ ᠶᠠᠫᠣᠨ ᠬᠡᠯᠡᠨ ᠡᠴᠡ ᠣᠷᠴᠢᠭᠤᠯ ᠤᠨ ᠬᠡᠪᠯᠡᠭᠦᠯᠦᠭᠡᠳ ᠲᠤᠰ ᠰᠣᠨᠢᠨ ᠤ ᠬᠣᠷᠢᠶᠠᠨ ᠠ᠋ᠴᠠ ᠰᠠᠯᠵᠤ ᠨᠤᠲᠤᠭ ᠲᠠᠭᠠᠨ ᠪᠤᠴᠠᠪᠠ᠃ 1945 ᠣᠨ ᠤ 8 ᠰᠠᠷ᠎ᠠ ᠵᠢᠨ 15 ᠤ ᠡᠳᠦᠷ ᠶᠠᠫᠣᠨ ᠡᠵᠡᠷᠬᠡᠭ ᠲᠦᠷᠢᠮᠡᠬᠡᠢᠲᠡᠨ ᠪᠠᠭᠤᠵᠤ ᠥᠭᠭᠦᠭᠰᠡᠨ ᠦ᠌ ᠳᠠᠷᠠᠭ᠎ᠠ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠭᠰᠠᠨ ᠬᠤᠪᠢᠰᠭᠠᠯ ᠤ᠋ᠨ ᠠᠵᠢᠯ ᠳᠤ ᠣᠷᠤᠯᠴᠠᠪᠠ᠃ 1945 ᠣᠨ ᠤ 10 ᠰᠠᠷ᠎ᠠ ᠠᠴᠠ 1946 ᠣᠨ ᠤ 3 ᠰᠠᠷ᠎ᠠ ᠬᠦᠷᠲᠡᠯ᠎ᠡ ᠵᠡᠭᠦᠨ ᠮᠣᠩᠭᠤᠯ ᠤ᠋ᠨ ᠠᠷᠠᠳ ᠤᠨ ᠵᠠᠮ》 ᠰᠣᠨᠢᠨ ᠡᠷᠬᠢᠯᠡᠬᠦ ᠠᠵᠢᠯ ᠳᠤ ᠣᠷᠤᠯᠴᠠᠨ᠂ 1946 ᠣᠨ ᠤ 4 ᠰᠠᠷ᠎ᠠ ᠠᠴᠠ ᠡᠬᠢᠯᠡᠨ ᠬᠠᠢᠯᠠᠷ ᠬᠦᠷᠴᠦ 《ᠡᠷᠬᠡ ᠴᠢᠯᠥᠭᠡ》 ᠰᠣᠨᠢᠨ ᠤ ᠮᠣᠩᠭᠤᠯ ᠬᠡᠪᠯᠡᠯ ᠢ ᠬᠠᠷᠢᠭᠤᠴᠠᠨ ᠨᠠᠢᠷᠠᠭᠤᠯᠵᠠᠢ᠃ 1947 ᠣᠨ ᠤ 5 ᠰᠠᠷ᠎ᠠ ᠳᠤ 《ᠡᠷᠬᠡ ᠴᠢᠯᠥᠭᠡ》 ᠰᠣᠨᠢᠨ ᠢ 《ᠬᠥᠯᠦᠨ ᠪᠤᠢᠷ》 ᠰᠣᠨᠢᠨ ᠪᠣᠯᠭᠠᠨ ᠬᠠᠯᠠᠭᠰᠠᠨ ᠳᠤ ᠮᠥᠨ ᠨᠠᠢᠷᠠᠭᠤᠯᠤᠭᠴᠢ ᠵᠢᠨ ᠠᠵᠢᠯ ᠢᠶᠠᠨ ᠦᠷᠭᠦᠯᠵᠢᠯᠡᠭᠦᠯᠪᠡ᠃ ᠭᠠᠵᠠᠷ ᠲᠠᠷᠢᠶᠠᠨ ᠤ ᠬᠤᠪᠢᠰᠭᠠᠯ ᠢ᠋ ᠲᠦ᠍ᠰᠬᠠᠭᠰᠠᠨ 《 ᠬᠠᠮᠲᠤᠷᠠᠯ ᠬᠠᠪᠰᠤᠷᠤᠯ ᠰᠠᠵᠢᠨ》 ᠭᠡᠬᠦ ᠮᠡᠲᠦ ᠵᠢᠨ ᠰᠢᠯᠦᠭ ᠪᠢᠴᠢᠵᠦ᠂ 《ᠬᠥᠯᠦᠨ ᠪᠤᠢᠷ》 ᠰᠣᠨᠢᠨ ᠳᠡᠭᠡᠷ᠎ᠡ ᠨᠡᠢᠲᠡᠯᠡᠭᠦᠯᠵᠦ ᠪᠠᠢᠪᠠ᠃ 1946 ᠣᠨ ᠤ 6 ᠰᠠᠷ᠎ᠠ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠤᠪᠠ᠃ 1948 ᠣᠨ ᠳᠤ ᠥᠪᠦᠷ ᠮᠣᠩᠭᠤᠯ ᠤ᠋ᠨ ᠨᠠᠮ ᠤᠨ ᠰᠤᠷᠭᠠᠭᠤᠯᠢ ᠳᠤ ᠬᠠᠭᠠᠰ ᠵᠢᠯ ᠰᠤᠷᠤᠯᠴᠠᠵᠤ᠂ 1949 ᠣᠨ ᠳᠤ 《ᠥᠪᠦᠷ ᠮᠣᠩᠭᠤᠯ ᠤ᠋ᠨ ᠡᠳᠦᠷ ᠦᠨ ᠰᠣᠨᠢᠨ》 ᠤ ᠬᠣᠷᠢᠶ᠎ᠠ ᠳᠤ ᠠᠵᠢᠯ ᠰᠢᠯᠵᠢᠵᠦ᠂ 《ᠥᠪᠦᠷ ᠮᠣᠩᠭᠤᠯ ᠤ᠋ᠨ ᠭᠠᠷᠠᠭ ᠤᠨ ᠰᠡᠳᠭᠦᠯ》᠂ 《ᠰᠢᠨ᠎ᠡ ᠥᠪᠦᠷ ᠮᠣᠩᠭᠤᠯ》 ᠰᠡᠳᠭᠦᠯ ᠡᠷᠬᠢᠯᠡᠬᠦ ᠠᠵᠢᠯ ᠳᠤ ᠣᠷᠤᠯᠴᠠᠵᠤ᠂ 1974 ᠣᠨ ᠬᠦᠷᠲᠡᠯ᠎ᠡ ᠤᠷᠢᠳ ᠬᠣᠵᠢᠳ ᠨᠠᠢᠷᠠᠭᠤᠯᠤᠭᠴᠢ᠂ ᠣᠷᠴᠢᠭᠤᠯᠤᠭᠴᠢ ᠵᠢᠨ ᠠᠵᠢᠯ ᠬᠢᠵᠦ᠂ ᠰᠣᠨᠢᠨ ᠤ ᠨᠠᠢᠷᠠᠭᠤᠯᠬᠤ ᠺᠣᠮᠢᠰ ᠤᠨ ᠭᠡᠰᠢᠭᠦᠨ᠂ ᠮᠣᠩᠭᠤᠯ ᠰᠣᠨᠢᠨ ᠤ ᠴᠢᠬᠤᠯᠠ ᠰᠣᠨᠢᠨ ᠮᠡᠳᠡᠭᠡᠨ ᠦ ᠬᠡᠯᠲᠡᠰ ᠦᠨ ᠳᠠᠷᠤᠭ᠎ᠠ ᠵᠢᠨ ᠲᠤᠰᠢᠶᠠᠯ ᠲᠠᠢ ᠪᠠᠢᠪᠠ᠃ 1975 ᠣᠨ ᠳᠤ ᠥᠪᠦᠷ ᠮᠣᠩᠭᠤᠯ ᠤ᠋ᠨ ᠭᠠᠵᠠᠷ ᠤᠨ ᠨᠡᠷᠡᠰ ᠦᠨ ᠠᠯᠪᠠᠨ ᠬᠡᠷ ᠦᠨ ᠡᠷᠬᠢᠯᠡᠭᠴᠢ ᠪᠣᠯᠵᠤ᠂ 1982 ᠣᠨ ᠳᠤ 《ᠥᠪᠦᠷ ᠮᠣᠩᠭᠤᠯ ᠤ᠋ᠨ ᠨᠤᠲᠤᠭ ᠤᠰᠤ》 ᠮᠣᠩᠭᠤᠯ ᠰᠡᠳᠭᠦᠯ ᠢ᠋ ᠬᠡᠪᠯᠡᠯ ᠡᠬᠢᠯᠡᠭᠦᠯᠵᠦ ᠬᠠᠷᠢᠭᠤᠴᠠᠨ ᠨᠠᠢᠷᠠᠭᠤᠯᠪᠠ᠃ ᠰᠣᠨᠢᠨ ᠰᠡᠳᠭᠦᠯ ᠦ᠋ᠨ ᠠᠵᠢᠯ ᠢ 40 ᠭᠠᠷᠤᠶ ᠵᠢᠯ ᠬᠢᠵᠦ᠂ ᠦᠯᠡᠮᠵᠢᠬᠡᠨ ᠰᠣᠨᠢᠨ ᠮᠡᠳᠡᠭᠡᠨ ᠦ ᠪᠦᠲᠦᠭᠡᠯ ᠢᠶᠡᠨ ᠨᠡᠢᠲᠡᠯᠡᠭᠦᠯᠵᠦ ᠤᠬᠠᠭᠤᠯᠬᠤ ᠡᠭᠦᠷᠭᠡ ᠪᠡᠨ ᠪᠡᠶᠡᠯᠡᠭᠦᠯᠬᠦ ᠵᠢᠨ ᠬᠠᠮᠲᠤ ᠮᠣᠩᠭᠤᠯ ᠰᠣᠨᠢᠨ ᠰᠡᠳᠭᠦᠯ ᠦ᠋ᠨ ᠰᠢᠨ᠎ᠡ ᠬᠡᠪ ᠨᠠᠮᠪᠠ ᠶᠢ ᠪᠦᠷᠢᠳᠦᠭᠦᠯᠬᠦ᠂ ᠰᠢᠨ᠎ᠡ ᠨᠡᠷ᠎ᠡ ᠲᠣᠮᠢᠶ᠎ᠠ ᠶᠢ ᠲᠣᠭᠲᠠᠭᠠᠨ ᠬᠡᠷᠡᠭᠯᠡᠬᠦ ᠳᠦ ᠬᠤᠪᠢ ᠨᠡᠮᠡᠷᠢ ᠪᠡᠨ ᠦᠵᠡᠭᠦᠯᠪᠡ᠃ ᠰᠣᠨᠢᠨ ᠮᠡᠳᠡᠭᠡᠨ ᠦ ᠭᠣᠣᠯ ᠪᠦᠲᠦᠭᠡᠯ ᠦᠳ ᠲᠦᠨᠢ᠄ 《ᠭᠠᠯ ᠯᠤᠤ》 《1949 ᠣᠨ )᠂ 《ᠴᠣᠢᠪᠠᠯᠰᠠᠩ ᠤ᠋ᠨ ᠱᠠᠩᠨᠠᠯ ᠲᠦ᠍ 《ᠠᠶᠤᠰᠢ》 ᠭᠡᠳᠡᠭ ᠲᠤᠭᠤᠵᠢ ᠶᠢ ᠵᠣᠬᠢᠶᠠᠭᠰᠠᠨ ? . ᠰᠡᠩᠭᠡ ᠶᠢ ᠰᠤᠷᠪᠤᠯᠵᠢᠯᠠᠭᠰᠠᠨ ᠨᠢ》 ( 1953 ᠣᠨ )᠂ 《ᠦᠨᠳᠦᠰᠦᠨ ᠬᠠᠤᠯᠢ ᠵᠢᠨ ᠲᠥᠯᠦᠪᠯᠡᠭᠡ ᠶ᠋ᠢ ᠬᠦᠷᠢᠶᠡᠯᠡᠬᠦ ᠳᠠᠭ ᠤᠨ》 《1954 ᠣᠨ )᠂ 《ᠮᠠᠯ ᠲᠠᠷᠢᠶᠠᠯᠠᠩ ᠢ ᠬᠣᠣᠰᠯᠠᠭᠤᠯᠤᠭᠰᠠᠨ 《ᠮᠠᠩᠯᠠᠶ》 ᠬᠣᠷᠰᠢᠶ᠎ᠠ ᠵᠢᠨ ᠲᠤᠰᠭᠠᠢ》 ( 1955 ᠣᠨ )᠂ 《ᠦᠵᠡᠭᠡᠳ ᠦᠵᠡᠭᠡᠳ ᠬᠠᠨᠤᠰᠢ ᠦᠬᠡᠶ 《ᠤᠴᠢᠷ ᠲᠠᠢ ᠭᠤᠷᠪᠠᠨ ᠲᠣ ᠯᠦ᠍ᠭᠠᠶ》》 ( 1956 ᠣᠨ )᠂ 《ᠮᠠᠷᠲᠠᠭᠳᠠᠰᠢ ᠦᠬᠡᠶ ᠠᠴᠢ ᠲᠦ᠍ ᠬᠥᠮᠦᠰ ) ( 1957 ᠣᠨ )᠂ 《ᠪᠥᠵᠢᠭ ᠦ᠋ᠨ ᠪᠠᠭᠰᠢ ᠲᠦ᠍ᠯᠭᠠᠷᠰᠣᠶᠷᠣᠩ》 ( 1957 ᠣᠨ )᠂ 《ᠮᠣᠩᠭᠤᠯ ᠤᠯᠤᠰ ᠤᠨ ᠡᠷᠳᠡᠮᠲᠡᠨ ᠦ . ᠷᠵᠢᠨᠴᠢᠨ ᠬᠥᠬᠡᠬᠣᠲᠠ ᠵᠢᠨ ᠰᠣᠶᠤᠯ ᠤᠷᠠᠯᠢᠭ ᠤᠨ ᠠᠵᠢᠯᠲᠠᠨ ᠨᠠᠷ ᠲᠠᠢ ᠠᠭᠤᠯᠵᠠᠯᠲᠠ ᠬᠢᠪᠡ》 ( 1957 ᠣᠨ》᠂ 《ᠪᠠᠶᠠᠷ ᠤᠨ ᠨᠠᠢᠷ᠂ ᠪᠠᠬᠠᠷᠠᠯᠲᠠᠢ ᠤᠭ ᠲᠦ᠍ᠯᠭᠠ》᠂ 《ᠡᠯᠢᠭᠡᠰᠡᠭ ᠨᠤᠲᠤᠭ ᠤᠰᠤ ᠪᠠᠨ ᠡᠩᠬᠦᠷᠡᠢᠯᠡᠨ ᠬᠠᠢᠷᠠᠯᠠᠨ᠎ᠠ ᠪᠢ》 ( 1984 ᠣᠨ )᠂ 《ᠥᠪᠦᠷ ᠮᠣᠩᠭᠤᠯ ᠤ᠋ᠨ ᠨᠤᠲᠤᠭ ᠤᠰ ᠤᠨ ᠤ ᠵᠠᠷᠢᠮ ᠨᠡᠷᠡᠢᠳᠦᠯ ᠦᠨ ᠲᠤᠰᠭᠠᠢ》 ( 1993 ᠣᠨ ) ᠵᠡᠷᠭᠡ ᠪᠣᠶ᠃ ᠰᠣᠨᠢᠨ ᠮᠡᠳᠡᠭᠡᠨ ᠦ ᠲᠡᠦᠬᠡ ᠵᠢᠨ ᠲᠤᠰᠭᠠᠢ ᠵᠣᠬᠢᠶᠠᠯ ᠳᠤ 《ᠴᠢᠯᠥᠭᠡᠯᠡᠬᠦ ᠳᠠᠵᠢᠨ ᠤ᠋ ᠦᠶ᠎ᠡ ᠵᠢᠨ ᠬᠡᠳᠦᠨ ᠮᠣᠩᠭᠤᠯ ᠰᠣᠨᠢᠨ ᠰᠡᠳᠭᠦᠯ ᠦ᠋ᠨ ᠲᠣᠪᠴᠢ ᠲᠠᠨᠢᠯᠴᠠᠭᠤᠯᠭ᠎ᠠ》᠂ 《《ᠰᠢᠨ᠎ᠡ ᠥᠪᠦᠷ ᠮᠣᠩᠭᠤᠯ》 ᠰᠡᠳᠭᠦᠯ ᠦ᠋ᠨ ᠡᠭᠦᠰᠦᠯ ᠲᠡᠭᠦᠰᠦᠯ》 ᠵᠡᠷᠭᠡ ᠪᠣᠶ᠃ ᠥᠪᠦᠷ ᠮᠣᠩᠭᠤᠯ ᠤ᠋ᠨ ᠭᠠᠵᠠᠷ ᠤᠨ ᠨᠡᠷ᠎ᠡ ᠶᠢ ᠥᠷᠭᠡᠨ ᠢ᠋ᠶ᠋ᠡᠷ ᠰᠤᠳᠤᠯᠵᠤ᠂ 《ᠭᠠᠵᠠᠷ ᠤᠨ ᠨᠡᠷᠡᠰ ᠢ ᠨᠡᠢᠳᠡᠮ ᠪᠠᠢᠴᠠᠭᠠᠬᠤ ᠳᠤ ᠣᠷᠤᠯᠴᠠᠭᠰᠠᠨ ᠮᠢᠨᠤ ᠣᠯᠤᠯᠲᠠ》 ( 1983 ᠣᠨ ) ᠭᠡᠬᠦ ᠥᠭᠦᠯᠡᠯ ᠨᠡᠢᠲᠡᠯᠡᠭᠦᠯᠦᠭᠰᠡᠨ ᠪᠥᠭᠡᠳ 《ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠤ᠋ ᠭᠠᠵᠠᠷ ᠤᠨ ᠵᠢᠷᠤᠭ ᠤᠨ ᠳᠡᠪᠲᠡᠷ 3 ᠢ ᠮᠣᠩᠭᠤᠯ ᠬᠢᠲᠠᠳ ᠢᠶᠠᠷ ᠬᠡᠪᠯᠡᠭᠦᠯᠬᠦ ᠳᠦ ᠬᠦ ᠴᠤ᠌ ᠪᠡᠨ ᠡᠷᠭᠦᠪᠡ᠃ ᠰᠣᠨᠢᠨ ᠰᠡᠳᠭᠦᠯ ᠦ᠋ᠨ ᠦᠯᠡᠮᠵᠢᠬᠡᠨ ᠣᠷᠴᠢᠭᠤᠯᠭ᠎ᠠ ᠵᠢᠨ ᠡᠭᠦᠷᠭᠡ ᠶᠢ ᠭᠦᠢᠴᠡᠳᠬᠡᠬᠦ ᠵᠢᠨ ᠬᠠᠮᠲᠤ 《ᠦᠢᠯᠡᠳᠪᠦᠷᠢᠯᠡᠯ ᠦᠨ ᠳᠡᠳ᠋ᠳᠠᠷᠤᠭ᠎ᠠ》᠂ 《ᠶᠠᠩ ᠰᠧᠯᠢᠩ ᠦᠨ ᠫᠢᠧᠨᠧᠷ》᠂ 《ᠠᠷᠠᠳ ᠤᠨ ᠴᠢᠯᠥᠭᠡᠯᠡᠬᠦ ᠴᠡᠷᠢᠭ ᠦᠨ ᠬᠣᠯᠪᠤᠭ᠎ᠠ ᠰᠢᠯᠦᠭ》᠂ 《 ᠲᠠᠷᠢᠶᠠᠴᠢᠨ ᠤ ᠬᠣᠯᠪᠤᠭ᠎ᠠ》 ᠵᠡᠷᠭᠡ ᠣᠷᠴᠢᠭᠤᠯᠭ᠎ᠠ ᠵᠢᠨ ᠨᠣᠮ ᠢᠶᠠᠨ ᠬᠡᠪᠯᠡᠭᠦᠯᠪᠡ᠃ ᠪᠤᠰᠤᠳ ᠤᠨ ᠬᠠᠮᠲᠤ 《ᠤᠯᠠᠭᠠᠨ ᠠᠰᠠᠷ ᠤᠨ ᠵᠡᠭᠦᠳᠦᠨ》 ᠢ 120 ᠲᠦᠮᠡᠨ ᠦᠰᠥᠭ ᠣᠷᠴᠢᠭᠤᠯᠪᠠ᠃ ᠬᠡᠳᠦᠨ ᠵᠠᠭ ᠤᠨ ᠰᠢᠯᠦᠭ ᠬᠣᠯᠪᠤᠭ᠎ᠠ ᠪᠠ ᠥᠭᠦᠯᠡᠯᠭᠡ ᠨᠠᠢᠷᠠᠭᠤᠯᠤᠯ ᠪᠢᠴᠢᠵᠦ᠂ 《ᠰᠢᠨ᠎ᠡ ᠳᠤᠮᠳᠠᠳᠤ ᠤᠯᠤᠰ ᠤᠨ ᠮᠠᠭᠲᠠᠭᠠᠯ》 ( 1949 ᠣᠨ )᠃ 《ᠮᠠᠨ ᠤ ᠨᠠᠷᠠᠨ ᠮᠠᠤ ᠽᠸ ᠳ᠋ᠦᠩ》 《ᠡᠷᠳᠡᠨᠢ ᠲᠣᠭᠲᠠᠬᠤ᠂ ᠨᠠ . ᠰᠠᠵᠢᠨᠴᠣᠭ ᠲᠦ᠍ ᠵᠢᠨ ᠬᠠᠮᠲᠤ )᠂ 《ᠵᠢᠷᠭᠠᠯ ᠤᠨ ᠨᠠᠷᠠᠨ ᠥᠨᠳᠦᠷ ᠮᠠᠨᠳᠤᠯ᠎ᠠ》 ( ᠤ . ᠪᠦᠷᠢᠨᠪᠡᠬᠢ ᠵᠢᠨ ᠬᠠᠮᠲᠤ ) ᠭᠡᠬᠦ ᠰᠢᠯᠦᠭ ᠦᠨ ᠲᠡᠭᠦᠪᠦᠷᠢ ᠬᠡᠪᠯᠡᠭᠦᠯᠵᠦ᠂ 《ᠮᠠᠨᠢᠵᠠᠪ ᠤᠨ ᠰᠢᠯᠦᠭ ᠦᠳ》 ᠭᠡᠰᠡᠨ ᠲᠡᠭᠦᠪᠦᠷᠢ ᠶᠢ ᠨᠢ 1984 ᠣᠨ ᠳᠤ ᠪᠡᠭᠡᠵᠢᠩ ᠦᠨ ᠦᠨᠳᠦᠰᠦᠲᠡᠨ ᠦ ᠬᠡᠪᠯᠡᠯ ᠦᠨ ᠬᠣᠷᠢᠶ᠎ᠠ ᠬᠡᠪᠯᠡᠭᠦᠯᠪᠡ᠃
Copyight 2016 by nmgmzw.gov.cn All Rights Reserved