ᠨᠡᠷ᠎ᠡ:
ᠮᠠ ᠸᠧᠨ ᠰᠢᠤᠸᠠᠶ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠮᠠ ᠸᠧᠨ ᠰᠢᠤᠸᠠᠶ ( 1938—— ) ᠳᠡᠭᠡᠳᠦ ᠵᠡᠷᠭᠡ ᠵᠢᠨ ᠨᠠᠢᠷᠠᠭᠤᠯᠤᠭᠴᠢ᠃ ᠯᠢᠶᠣᠣᠨᠢᠩ ᠮᠤᠵᠢ ᠵᠢᠨ ᠹᠦᠰᠵᠢᠨ ᠮᠣᠩᠭᠤᠯ ᠦᠨᠳᠦᠰᠦᠲᠡᠨ ᠦ ᠥᠪᠡᠷᠲᠡᠭᠡᠨ ᠵᠠᠰᠠᠬᠤ ᠰᠢᠶᠠᠨ ᠤ ᠬᠠᠤᠰᠠᠵᠢᠨ ᠳᠥᠷᠪᠡᠨ ᠬᠡᠷ ᠬᠡᠮᠡᠬᠦ ᠠᠢᠯ ᠳᠤ ᠲᠥᠷᠦᠵᠡᠢ᠃ ᠮᠣᠩᠭᠤᠯ ᠨᠡᠷ᠎ᠡ ᠨᠢ ᠰ᠌ᠠᠭᠠᠷᠠᠵᠠᠪ᠃ 1959 ᠣᠨ ᠳᠤ ᠥᠪᠦᠷ ᠮᠣᠩᠭᠤᠯ ᠤ᠋ᠨ ᠪᠠᠭᠰᠢ ᠵᠢᠨ ᠳᠡᠭᠡᠳᠦ ᠰᠤᠷᠭᠠᠭᠤᠯᠢ ᠶᠢ ᠲᠡᠭᠦᠰᠭᠡᠵᠦ᠂ ᠹᠦᠰᠵᠢᠨ ᠬᠣᠲᠠ ᠵᠢᠨ ᠰᠤᠷᠭᠠᠨ ᠬᠥᠮᠦᠵᠢᠯ ᠦ᠋ᠨ ᠲᠣᠪᠴᠢᠶᠠᠨ ᠤ ᠮᠣᠩᠭᠤᠯ ᠬᠡᠯᠡ ᠪᠢᠴᠢᠭ ᠰᠤᠷᠭᠠᠬᠤ ᠮᠠᠲ᠋ᠧᠷᠢᠶᠠᠯ ᠢ ᠨᠠᠢᠷᠠᠭᠤᠯᠬᠤ ᠲᠠᠰᠤᠭ ᠲᠦ᠍ ᠬᠤᠪᠢᠶᠠᠭᠳᠠᠨ ᠠᠵᠢᠯᠯᠠᠵᠤ᠂ ᠪᠠᠭ᠎ᠠ ᠰᠤᠷᠭᠠᠭᠤᠯᠢ ᠵᠢᠨ ᠮᠣᠩᠭᠤᠯ ᠬᠡᠯᠡ ᠪᠢᠴᠢᠭ ᠦᠨ ᠵᠢᠭᠠᠬᠤ ᠮᠠᠲ᠋ᠧᠷᠢᠶᠠᠯ ᠢ ᠤᠷᠢᠳ ᠬᠣᠵᠢᠳ 12 ᠳᠡᠪᠲᠡᠷ ᠨᠠᠢᠷᠠᠭᠤᠯ ᠤᠨ ᠬᠡᠪᠯᠡᠭᠦᠯᠵᠦ᠂ ᠵᠡᠭᠦᠨ ᠬᠣᠢᠲᠤ ᠣᠷᠤᠨ ᠤ᠋ ᠮᠣᠩᠭᠤᠯ ᠬᠡᠯᠡ ᠪᠢᠴᠢᠭ ᠦᠨ ᠵᠢᠭᠠᠬᠤ ᠮᠠᠲ᠋ᠧᠷᠢᠶᠠᠯ ᠬᠢᠴᠢᠶᠡᠯ ᠦᠨ ᠳᠡᠪᠲᠡᠷ ᠳᠤᠲᠠᠭᠳᠠᠵᠤ ᠪᠠᠢᠭᠰᠠᠨ ᠠᠰᠠᠭᠤᠳᠠᠯ ᠢ ᠰᠢᠳᠪᠦᠷᠢᠯᠡᠵᠦ ᠪᠠᠢᠵᠠᠢ᠃ 1979 ᠣᠨ ᠳᠤ ᠹᠦᠰᠵᠢᠨ ᠬᠣᠲᠠ ᠵᠢᠨ ᠰᠤᠷᠭᠠᠨ ᠬᠥᠮᠦᠵᠢᠯ ᠦ᠋ᠨ ᠳᠡᠭᠡᠳᠦ ᠰᠤᠷᠭᠠᠭᠤᠯᠢ ᠳᠤ ᠵᠢᠭᠠᠨ ᠰᠤᠷᠭᠠᠬᠤ ᠶᠢ ᠰᠤᠳᠤᠯᠬᠤ ᠠᠵᠢᠯ ᠢ ᠡᠭᠦᠷᠭᠡᠯᠡᠪᠡ᠃ ᠹᠦᠰᠵᠢᠨ ᠬᠣᠲᠠ ᠳᠤ ᠵᠠᠬᠢᠳᠠᠯ ᠢᠶᠠᠷ ᠰᠤᠷᠭᠠᠬᠤᠲᠤᠰᠭᠠᠢ ᠮᠣᠩᠭᠤᠯ ᠠᠩᠭᠢ ᠡᠷᠬᠢᠯᠡᠵᠦ᠂ ᠮᠣᠩᠭᠤᠯ ᠬᠡᠯᠡ ᠪᠢᠴᠢᠭ ᠦᠨ ᠪᠠᠭᠰᠢ ᠶᠢ 50 ᠭᠠᠷᠤᠶ ᠪᠣᠯᠪᠠᠰᠤᠷᠠᠭᠤᠯᠵᠠᠢ᠃ 1984 ᠣᠨ ᠳᠤ ᠹᠦᠰᠵᠢᠨ ᠬᠣᠲᠠ ᠵᠢᠨ ᠠᠷᠠᠳ ᠤᠨ ᠷᠠᠳᠢᠣ᠋ ᠨᠡᠪᠲᠡᠷᠡᠭᠦᠯᠭᠡ ᠵᠢᠨ ᠬᠣᠷᠢᠶ᠎ᠠ ᠮᠣᠩᠭᠤᠯ ᠨᠡᠪᠲᠡᠷᠡᠭᠦᠯᠭᠡ ᠡᠷᠬᠢᠯᠡᠬᠦ ᠪᠣᠯᠤᠭᠰᠠᠨ ᠳ᠋ᠤ᠌ ᠲᠡᠷᠡ ᠡᠷᠬᠢᠯᠡᠭᠴᠢ ᠪᠣᠯᠵᠤ᠂ ᠰᠣᠨᠢᠨ ᠮᠡᠳᠡᠭᠡ ᠵᠢᠨ ᠵᠠᠮ ᠳᠤ ᠣᠷᠤᠪᠠ᠃ ᠨᠢᠭᠡ ᠲᠠᠯ᠎ᠠ ᠪᠠᠷ ᠲᠦ᠍ᠬᠠᠢᠯᠠᠭᠰᠠᠨ ᠠᠵᠢᠯ ᠤᠨ ᠣᠨᠤᠯ ᠰᠤᠷᠤᠯᠴᠠᠨ᠂ ᠨᠦᠭᠥᠭᠡ ᠲᠠᠯ᠎ᠠ ᠪᠠᠷ ᠦᠢᠯᠡᠳᠦᠯᠭᠡᠵᠢᠵᠦ᠂ ᠮᠣᠩᠭᠣᠯᠵᠵᠢᠨ ᠨᠤᠲᠤᠭ ᠤᠨ ᠮᠣᠩᠭᠤᠯ ᠷᠠᠳᠢᠣ᠋ ᠨᠡᠪᠲᠡᠷᠡᠭᠦᠯᠭᠡ ᠵᠢᠨ ᠠᠵᠢᠯ ᠢ ᠰᠢᠨ᠎ᠡ ᠱᠠᠲᠤᠨ ᠳᠤ ᠣᠷᠤᠭᠤᠯᠪᠠ᠃ 1993 ᠣᠨ ᠠᠴᠠ ᠡᠬᠢᠯᠡᠨ ᠹᠦᠰᠵᠢᠨ ᠬᠣᠲᠠ ᠳᠤ ᠮᠣᠩᠭᠤᠯ ᠷᠠᠳᠢᠣ᠋ ᠨᠡᠪᠲᠡᠷᠡᠭᠦᠯᠭᠡ ᠵᠢᠨ ᠬᠣᠷᠢᠶ᠎ᠠ ᠪᠠᠢᠭᠤᠯᠬᠤ ᠦᠢᠯᠡᠰ ᠢ ᠡᠭᠦᠰᠭᠡᠵᠦ ᠪᠡᠯᠡᠳᠭᠡᠭᠡᠳ 1995 ᠣᠨ ᠤ 1 ᠰᠠᠷ᠎ᠠ ᠳᠤ ᠵᠢᠩᠬᠢᠨᠢ ᠨᠡᠪᠲᠡᠷᠡᠭᠦᠯᠭᠡ ᠪᠡᠨ ᠡᠬᠢᠯᠡᠭᠦᠯᠵᠡᠢ᠃ ᠤᠤᠯ ᠤᠨ ᠡᠳᠦᠷ ᠪᠦᠷᠢ 3 ᠴᠠᠭ ᠪᠠᠢᠭᠰᠠᠨ ᠮᠣᠩᠭᠤᠯ ᠨᠡᠪᠲᠡᠷᠡᠭᠦᠯᠭᠡ ᠪᠡᠨ ᠤᠷ ᠲᠦ᠍ᠳᠬᠠᠵᠤ 7 ᠴᠠᠭ ᠭᠠᠷᠤᠶ ᠨᠡᠪᠲᠡᠷᠡᠭᠦᠯᠬᠦ ᠪᠣᠯᠵᠠᠢ᠃ ᠬᠣᠷᠢᠶᠠᠨ ᠳᠠᠷᠤᠭ᠎ᠠ ᠪᠣᠯᠤᠭᠰᠠᠨ ᠬᠤᠪᠢ ᠳᠤ ᠲᠡᠷᠡ ᠪᠦᠬᠦᠢᠯᠡ ᠠᠵᠢᠯ ᠢ ᠠᠳᠭᠤᠬᠤ ᠵᠢᠨ ᠬᠠᠮᠲᠤ ᠷᠠᠳᠢᠣ᠋ ᠰᠣᠨᠢᠨ ᠮᠡᠳᠡᠭᠡ ᠵᠢᠨ ᠵᠥᠪ ᠤᠳᠤᠷᠢᠳᠤᠮᠵᠢ ᠶᠢ ᠪᠠᠷᠢᠮᠲᠠᠯᠠᠬᠤ ᠳᠤ ᠭᠣᠣᠯ ᠬᠦ ᠴᠤ᠌ ᠪᠡᠨ ᠲᠠᠯᠪᠢᠵᠤ ᠶᠠᠷᠢᠶ᠎ᠠ ᠬᠡᠯᠡᠯᠴᠡᠭᠡ ᠵᠢᠨ ᠦᠢᠯᠡᠳᠦᠯ ᠢ ᠭᠦᠢᠴᠡᠳ ᠪᠠᠳᠠᠷᠠᠭᠤᠯᠬᠤ ᠪᠠᠷ ᠴᠥᠬᠦᠷᠡᠰᠢ ᠦᠬᠡᠶ ᠵᠢᠳᠭᠦᠵᠡᠢ᠃ 1986 ᠣᠨ ᠠᠴᠠ 1998 ᠣᠨ ᠪᠣᠯᠲᠠᠯ᠎ᠠ 12 ᠵᠢᠯ ᠦᠨ ᠬᠣᠭᠤᠷᠤᠨᠳᠤ ᠪᠦᠬᠥ ᠤᠯᠤᠰ ᠤᠨ ᠷᠠᠳᠢᠣ᠋ ᠰᠣᠨᠢᠨ ᠮᠡᠳᠡᠭᠡ ᠵᠢᠨ ᠰᠢᠯᠢᠳᠡᠭ ᠡᠬᠡ ᠪᠢᠴᠢᠭ ᠦᠨ ᠰᠢᠯᠭᠠᠷᠠᠭᠤᠯᠤᠯᠲᠠ ᠳᠤ ᠲᠤᠰ ᠬᠣᠷᠢᠶᠠᠨ ᠤ᠋ ᠡᠬᠡ ᠪᠢᠴᠢᠭ ᠳᠤᠮᠳᠠ ᠶᠢ ᠪᠠᠷᠢᠮᠲᠠᠯᠠᠭᠠᠳ ᠵᠢᠯ ᠪᠦᠷᠢ ᠨᠢᠭᠡ ᠵᠣᠬᠢᠶᠠᠯ ᠨᠢ ᠨᠢᠭᠡᠳᠦᠭᠡᠷ ᠲᠠᠰ ᠤᠨ ᠱᠠᠩᠨᠠᠯ ᠣᠯᠵᠤ ᠪᠠᠢᠯ᠎ᠠ᠃ ᠡᠭᠦᠨ ᠳᠦ ᠲᠡᠭᠦᠨ ᠦ ᠪᠢᠴᠢᠭᠰᠡᠨ 《 ᠬᠠᠮᠲᠤ ᠪᠠᠷ ᠪᠠᠶᠠᠵᠢᠬᠤ ᠳᠠᠷᠳᠠᠩ ᠵᠠᠮ ᠢᠶᠠᠷ ᠤᠷᠤᠭᠰᠢᠯᠠᠵᠤ ᠪᠠᠢᠭ᠎ᠠ ᠴᠠᠬᠠᠷ ᠲᠣᠰᠭᠤᠨ》 ᠵᠡᠷᠭᠡ ᠭᠤᠷᠪᠠᠨ ᠴᠢᠮᠡᠭᠡᠯᠡᠯ ᠣᠷᠣᠵᠠᠶ᠃ ᠲᠡᠷᠡ ᠪᠠᠰᠠ 《ᠦᠵᠡᠯ ᠤᠬᠠᠮᠰᠠᠷ ᠢᠶᠠᠨ ᠰᠵᠢᠨᠡᠳᠬᠡᠵᠦ ᠠᠵᠤ ᠠᠬᠤᠶ ᠵᠢᠨ ᠤᠬᠠᠭᠤᠯᠭ᠎ᠠ ᠶᠢ ᠰᠠᠢ ᠲᠦ᠍ᠷ ᠬᠢᠰᠦᠭᠡᠢ》᠂ 《ᠮᠣᠩᠭᠤᠯ ᠷᠠᠳᠢᠣ᠋ ᠶᠢ ᠭᠠᠵᠠᠷ ᠣᠷᠤᠨ ᠤ᠋ ᠣᠨᠴᠠᠯᠢᠭ ᠲᠠᠢ ᠡᠷᠬᠢᠯᠡᠬᠦ ᠲᠤᠰᠭᠠᠢ ᠥᠭᠦᠯᠡᠬᠦ ᠨᠢ》 ᠭᠡᠬᠦ ᠵᠣᠬᠢᠶᠠᠯ ᠢᠶᠠᠨ ᠮᠤᠵᠢ ᠵᠢᠨ ᠲᠠᠰ ᠤᠨ ᠰᠣᠨᠢᠨ ᠮᠡᠳᠡᠭᠡ ᠵᠢᠨ ᠰᠡᠳᠭᠦᠯ ᠳ᠋ᠦ᠍ ᠨᠡᠢᠲᠡᠯᠡᠭᠰᠡᠨ ᠦ ᠬᠠᠮᠲᠤ 《ᠮᠣᠩᠭᠤᠯ ᠬᠡᠯᠡ ᠪᠢᠴᠢᠭ ᠦᠨ ᠥᠪᠡᠷᠲᠡᠭᠡᠨ ᠰᠤᠷᠬᠤ ᠳᠡᠪᠲᠡᠷ》 ( ᠦᠨᠳᠦᠰᠦᠲᠡᠨ ᠦ ᠬᠡᠪᠯᠡᠯ ᠦᠨ ᠬᠣᠷᠢᠶ᠎ᠠ )᠂ 《ᠮᠣᠩᠭᠣᠯᠵᠵᠢᠨ ᠤ ᠵᠠᠩ ᠳᠠᠳᠭᠠᠯ》 ( ᠥᠪᠦᠷ ᠮᠣᠩᠭᠤᠯ ᠤ᠋ᠨ ᠰᠣᠶᠤᠯ ᠤ᠋ᠨ ᠬᠡᠪᠯᠡᠯ ᠦᠨ ᠬᠣᠷᠢᠶ᠎ᠠ ) ᠬᠣᠶᠠᠷ ᠨᠣᠮ ᠬᠡᠪᠯᠡᠭᠦᠯᠵᠡᠢ᠃
Copyight 2016 by nmgmzw.gov.cn All Rights Reserved