ᠨᠡᠷ᠎ᠡ:
ᠬᠦᠷᠰᠡᠳ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠬᠦᠷᠰᠡᠳ᠂ ( 1934 ~ ) ᠰᠡᠳᠭᠦᠯᠴᠢ᠃ ᠮᠣᠩᠭᠤᠯ ᠤᠯᠤᠰ ᠤᠨ ᠣᠪᠰᠣ ᠠᠢᠮᠠᠭ ᠤᠨ ᠴᠠᠭᠠᠨᠬᠠᠢᠷᠬᠠᠨ ᠰᠤᠮᠤ ᠵᠢᠨ ᠨᠤᠲᠤᠭ ᠲᠦ᠍ ᠲᠥᠷᠦᠵᠡᠢ᠃ 1956 ᠣᠨ ᠠᠴᠠ 《ᠦᠨᠡᠨ》 ᠰᠣᠨᠢᠨ ᠳᠤ ᠰᠡᠳᠭᠦᠯᠴᠢ ᠵᠢᠨ ᠠᠵᠢᠯ ᠬᠢᠵᠦ《ᠲᠣᠩᠰᠢᠭᠤᠯ》 ᠬᠡᠮᠡᠬᠦ ᠳᠠᠭᠠᠭᠤᠯᠢ ᠰᠣᠨᠢᠨ ᠢ ᠨᠠᠢᠷᠠᠭᠤᠯᠵᠤ ᠪᠠᠢᠪᠠ᠃1964 ᠣᠨ ᠳᠤ ᠮᠣᠩᠭᠤᠯ ᠤᠯᠤᠰ ᠤᠨ ᠶᠡᠬᠡ ᠰᠤᠷᠭᠠᠭᠤᠯᠢ ᠵᠢᠨ ᠤᠳᠭ᠎ᠠ ᠵᠣᠬᠢᠶᠠᠯ ᠤᠨ ᠣᠷᠣᠶ ᠵᠢᠨ ᠰᠤᠷᠭᠠᠭᠤᠯᠢ ᠶᠢ ᠲᠡᠭᠦᠰᠭᠡᠵᠦ᠂ ᠱᠣᠭ ᠨᠠᠢᠷᠠᠭᠤᠯᠤᠯ᠂ ᠬᠣᠱᠤᠩ ᠵᠣᠬᠢᠶᠠᠯ ᠣᠯᠠᠨ ᠪᠢᠴᠢᠵᠡᠢ᠃ 《ᠲᠣᠩᠰᠢᠭᠤᠯ》 ᠰᠣᠨᠢᠨ ᠳᠤ ᠨᠡᠢᠭᠡᠮ ᠦᠨ ᠳᠤᠮᠳᠠᠬᠢ᠂ ᠬᠥᠮᠦᠰ ᠦ᠋ᠨ ᠳᠣᠲᠤᠷᠠᠬᠢ ᠨᠠᠵᠠᠭᠠᠶ ᠲᠠᠯ᠎ᠠ ᠶᠢ ᠬᠣᠱᠤᠩᠨᠠᠨ ᠰ᠌ᠣᠭᠯᠠᠵᠤ ᠰᠢᠭᠦᠮᠵᠢᠯᠡᠭᠰᠡᠨ ᠵᠣᠬᠢᠶᠠᠯ ᠣᠯᠠᠨ ᠪᠢᠴᠢᠵᠦ 《 ᠴᠢᠯᠠᠭᠤᠨ ᠠᠷᠰᠯᠠᠨ》 ᠬᠡᠮᠡᠬᠦ ᠱᠣᠭ ᠵᠣᠬᠢᠶᠠᠯ ᠨᠡᠢᠲᠡᠯᠡᠭᠡᠳ ᠤᠩᠰᠢᠭᠴᠢᠳ ᠤᠨ ᠳᠤᠮᠳᠠ ᠥᠷᠭᠡᠨ ᠲᠦ᠍ᠰᠬᠠᠯ ᠭᠠᠷᠴᠠᠢ᠃ ᠲᠡᠭᠦᠨ ᠦ ᠬᠥᠳᠡᠯᠮᠦᠷᠢ ᠶ᠋ᠢ ᠲᠦᠷᠥ ᠡᠴᠡ ᠦᠨᠡᠯᠡᠵᠦ ᠬᠥᠳᠡᠯᠮᠦᠷᠢ ᠵᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠵᠤ᠂ ᠰᠣᠶᠤᠯ ᠤ᠋ᠨ ᠭᠠᠪᠢᠶᠠᠲᠦ᠍ ᠵᠢᠳᠭᠦᠯᠲᠡᠨ ᠦ᠌ ᠴᠣᠯᠠ ᠣᠯᠭᠤᠪᠠ᠃
Copyight 2016 by nmgmzw.gov.cn All Rights Reserved