ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠬᠦᠨᠰᠡᠩ᠂

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠬᠦᠨᠰᠡᠩ᠂ ( 1934~ ) ᠰᠡᠳᠭᠦᠯᠴᠢ᠃ ᠮᠣᠩᠭᠤᠯ ᠤᠯᠤᠰ  ᠤᠨ ᠬᠡᠨᠲᠡᠶ ᠠᠢᠮᠠᠭ  ᠤᠨ ᠭᠠᠯᠰᠢᠷ ᠰᠤᠮᠤ  ᠵᠢᠨ ᠨᠤᠲᠤᠭ    ᠲᠦ᠍ ᠲᠥᠷᠦᠵᠡᠢ᠃ 1951 ᠣᠨ ᠳᠤ ᠤᠯᠠᠭᠠᠨᠪᠠᠭᠠᠲᠤᠷ ᠬᠣᠲᠠ ᠳᠤ ᠪᠠᠭᠰᠢ  ᠵᠢᠨ ᠰᠤᠷᠭᠠᠭᠤᠯᠢ ᠲᠡᠭᠦᠰᠦᠭᠡᠳ ᠬᠥᠪᠰᠦᠭᠦᠯ᠂ ᠬᠡᠨᠲᠡᠶ ᠠᠢᠮᠠᠭ ᠢᠶᠠᠷ 7 ᠵᠢᠯ ᠪᠠᠭᠰᠢᠯᠠᠵᠤ᠂ 1961 ᠣᠨ ᠳᠤ ᠤᠯᠠᠭᠠᠨᠪᠠᠭᠠᠲᠤᠷ ᠶᠡᠬᠡ ᠰᠤᠷᠭᠠᠭᠤᠯᠢ ᠲᠡᠭᠦᠰᠭᠡᠭᠡᠳ᠂ ᠮᠣᠩᠭᠤᠯ ᠤᠯᠤᠰ  ᠤᠨ ᠷᠠᠳᠢᠣ᠋ ᠲᠧᠯᠸᠢᠰ ᠦᠨ ᠬᠡᠷᠡᠭ ᠡᠷᠬᠢᠯᠡᠬᠦ ᠭᠠᠵᠠᠷ  ᠤᠨ ᠷᠸᠳᠠᠺᠲ᠋ᠤᠷ᠂ ᠭᠠᠳᠠᠭᠠᠳᠤ ᠨᠡᠪᠲᠡᠷᠡᠭᠦᠯᠭᠡ  ᠵᠢᠨ ᠤᠳᠭ᠎ᠠ ᠵᠣᠬᠢᠶᠠᠯ  ᠤᠨ ᠨᠠᠷᠢᠨ ᠪᠢᠴᠢᠭ ᠦᠨ ᠳᠠᠷᠤᠭ᠎ᠠ᠂ ᠶᠡᠷᠦᠩᠬᠡᠶ ᠷᠸᠳᠠᠺᠲ᠋ᠤᠷ᠂ ᠤᠯᠤᠰ ᠲᠦᠷᠥ  ᠵᠢᠨ ᠲᠣᠢᠮᠤᠴᠢ ᠪᠠᠷ ᠠᠵᠢᠯᠯᠠᠵᠤ ᠨᠠᠰ ᠤᠨ ᠤ ᠠᠮᠠᠷᠠᠯᠲᠠ ᠳᠠᠭᠠᠨ ᠭᠠᠷᠴᠠᠢ᠃ ᠲᠡᠷᠡ ᠣᠯᠠᠩᠬᠢ ᠴᠠᠭ ᠢᠶᠠᠨ ᠷᠠᠳᠢᠣ᠋ ᠨᠡᠪᠲᠡᠷᠡᠭᠦᠯᠭᠡ ᠳᠦ ᠵᠣᠷᠢᠭᠤᠯᠵᠤ᠂ ᠷᠠᠳᠢᠣ᠋ ᠪᠢᠴᠢᠯᠭᠡ  ᠵᠢᠨ ᠲᠥᠷᠦᠯ ᠵᠦᠢᠯ ᠢ ᠬᠥᠭᠵᠢᠭᠦᠯᠬᠦ ᠳ᠋ᠦ᠍᠂ ᠷᠠᠳᠢᠣ᠋ ᠡᠬᠡ ᠪᠢᠴᠢᠭ ᠦᠨ ᠴᠢᠨᠠᠷ ᠴᠢᠳᠠᠪᠤᠷᠢ ᠶᠢ ᠳᠡᠭᠡᠭᠰᠢᠯᠡᠭᠦᠯᠬᠦ ᠳᠦ᠂ ᠣᠨᠴᠠᠭᠠᠢᠯᠠᠨ ᠬᠥᠳᠡᠯᠮᠦᠷᠢ ᠬᠥᠮᠦᠨ ᠦ᠌  ᠲᠤᠰᠭᠠᠢ ᠷᠠᠳᠢᠣ᠋ ᠮᠡᠳᠡᠭᠡᠯᠡᠯ᠂ ᠰᠤᠷᠪᠤᠯᠵᠢᠯᠠᠭ᠎ᠠ᠂ ᠨᠠᠢᠷᠠᠭᠤᠯᠭ᠎ᠠ ᠣᠯᠠᠨ ᠪᠢᠴᠢᠵᠦ ᠨᠡᠷ᠎ᠡ ᠭᠠᠷᠤᠭᠰᠠᠨ ᠶᠤᠮ᠃ ᠲᠡᠭᠦᠨ ᠦ ᠬᠥᠳᠡᠯᠮᠦᠷᠢ ᠪᠦᠲᠦᠭᠡᠯ ᠢ ᠦᠨᠡᠯᠡᠵᠦ᠂ ᠲᠦᠷᠥ ᠡᠴᠡ 1974 ᠣᠨ ᠳᠤ ᠠᠯᠲᠠᠨ ᠭᠠᠳᠠᠰᠤ ᠣᠳᠣᠨ ᠢᠶᠠᠷ᠂ 1984 ᠣᠨ ᠳᠤ ᠬᠥᠳᠡᠯᠮᠦᠷᠢ   ᠵᠢᠨ ᠭᠠᠪᠢᠶᠠᠨ ᠤ ᠤᠯᠠᠭᠠᠨ    ᠲᠤᠭ  ᠤᠨ ᠣᠳᠣᠨ ᠢᠶᠠᠷ᠂ 1990 ᠣᠨ ᠳᠤ 《ᠷᠠᠳᠢᠣ᠋  ᠵᠢᠨ ᠲᠡᠷᠢᠭᠦᠨ ᠦ ᠠᠵᠢᠯᠲᠠᠨ》 ᠲᠡᠮᠳᠡᠭ ᠢᠶᠡᠷ ᠲᠤᠰ ᠲᠤᠰ ᠱᠠᠩᠨᠠᠵᠤ᠂ 1994 ᠣᠨ ᠳᠤ ᠶᠡᠷᠦᠩᠬᠡᠢᠯᠡᠭᠴᠢ  ᠵᠢᠨ ᠵᠠᠷᠯᠢᠭ ᠢᠶᠠᠷ ᠮᠣᠩᠭᠤᠯ ᠤᠯᠤᠰ  ᠤᠨ 《ᠰᠣᠶᠤᠯ ᠤ᠋ᠨ ᠭᠠᠪᠢᠶᠠᠲᠦ᠍ ᠵᠢᠳᠭᠦᠯᠲᠡᠨ》 ᠴᠣᠯᠠ ᠣᠯᠭᠤᠵᠠᠢ᠃