ᠨᠡᠷ᠎ᠡ:
ᠭᠤᠴᠣᠣ
ᠴᠢᠨᠠᠷ ᠤᠨ ᠢᠯᠭᠠᠯ:
ᠨᠢᠭᠤᠴᠠ
ᠬᠠᠷᠢᠯᠴᠠᠬᠤ ᠬᠡᠯᠪᠡᠷᠢ:
ᠵᠣᠬᠢᠶᠠᠭᠴᠢ ᠶᠢᠨ ᠲᠠᠨᠢᠯᠴᠠᠭᠤᠯᠭ᠎ᠠ:
ᠭᠤᠴᠣᠣ ( 1930~ ) ᠨᠠᠢᠷᠠᠭᠤᠯᠤᠭᠴᠢ᠂ ᠵᠣᠬᠢᠶᠠᠯᠴᠢ᠃ ᠥᠪᠦᠷ ᠮᠣᠩᠭᠤᠯ ᠤ᠋ᠨ ᠲᠠᠢᠫᠦᠰᠧ ᠬᠣᠰᠢᠭᠤᠨ ᠳᠤ ᠲᠥᠷᠦᠵᠡᠢ᠃ ᠨᠠᠢ᠍ᠮᠠᠨ ᠨᠠᠰᠤᠨ ᠠᠴᠠ ᠪᠠᠨ ᠲᠤᠰ ᠬᠣᠰᠢᠭᠤᠨ ᠤ ᠪᠠᠨ ᠪᠠᠭ᠎ᠠ ᠰᠤᠷᠭᠠᠭᠤᠯᠢ ᠳᠤ ᠰᠤᠷᠤᠯᠴᠠᠵᠤ᠂ ᠳᠤᠮᠳᠠᠳᠤ ᠰᠤᠷᠭᠠᠭᠤᠯᠢ ᠪᠠᠨ ᠤᠤᠯ ᠤᠨ ᠴᠠᠬᠠᠷ ᠴᠢᠭᠤᠯᠭᠠᠨ ᠤ ᠵᠠᠩᠪᠧᠶ ᠳᠠᠬᠢ ᠮᠣᠩᠭᠤᠯ ᠵᠠᠯᠠᠭᠤ ᠴᠤ᠌ᠳ ᠤᠨ ᠰᠤᠷᠭᠠᠭᠤᠯᠢ ᠳᠤ 1945 ᠣᠨ ᠪᠣᠯᠲᠠᠯ᠎ᠠ ᠰᠣᠶᠤᠯ ᠰᠤᠷᠤᠯᠭ᠎ᠠ ᠵᠢᠨ ᠮᠥᠷ ᠬᠥᠭᠡᠭᠡᠵᠡᠢ᠃ 1947 ᠣᠨ ᠤ 3 ᠰᠠᠷ᠎ᠠ ᠳᠤ᠂ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠮᠣᠷᠢ ᠲᠦ᠍ ᠴᠡᠷᠢᠭ ᠦᠨ ᠳᠥᠷᠪᠡᠳᠦᠭᠡᠷ ᠳ᠋ᠢᠸᠢᠽᠢ ᠵᠢᠨ ᠭᠤᠴᠢᠨ ᠭᠤᠷᠪᠠᠳᠤᠭᠠᠷ ᠬᠣᠷᠢᠶᠠᠨ ᠤ᠋ ᠳᠥᠷᠪᠡᠳᠦᠭᠡᠷ ᠰᠣᠮ ᠤ᠋ᠨ ᠤ᠋ ᠭᠤᠷᠪᠠᠳᠤᠭᠠᠷ ᠰᠠᠯᠠᠭᠠᠨ ᠳᠤ ᠪᠠᠢᠯᠳᠤᠭᠴᠢ ᠪᠣᠯᠵᠤ᠂ 1947 ᠣᠨ ᠤ 10 ᠰᠠᠷ᠎ᠠ ᠠᠴᠠ ᠡᠬᠢᠯᠡᠨ ᠲᠤᠰ ᠴᠡᠷᠢᠭ ᠠᠩᠭᠢ ᠵᠢᠨ ᠳ᠋ᠢᠸᠢᠽᠢ ᠵᠢᠨ ᠴᠠᠬᠢᠯᠭᠠᠨ ᠬᠣᠯᠪᠤᠭᠠᠨ ᠤ᠋ ᠭᠠᠵᠠᠷ ᠮᠣᠲ᠋ᠣᠷᠴᠢᠨ ᠠᠵᠢᠯ ᠲᠠᠢ ᠪᠠᠢᠯᠳᠤᠭᠴᠢ ᠪᠠᠢᠭᠠᠳ 1949 ᠣᠨ ᠤ 6 ᠰᠠᠷ᠎ᠠ ᠳᠤ ᠰᠣᠶᠤᠯ ᠤᠷᠠᠯᠢᠭ ᠤᠨ ᠪᠠᠢᠯᠳᠤᠭᠴᠢ ᠪᠠᠷ ᠡᠯᠰᠡᠭᠳᠡᠵᠦ᠂ 1952 ᠣᠨ ᠤ 6 ᠰᠠᠷ᠎ᠠ ᠳᠤ᠂ ᠡᠨᠡ ᠬᠦ ᠤᠷᠠᠨ ᠰᠠᠢᠬᠠᠨ ᠤ ᠠᠩᠭᠢ ᠶᠢ ᠴᠡᠷᠢᠭ ᠡᠴᠡ ᠨᠢ ᠰᠢᠯᠵᠢᠭᠦᠯᠵᠦ᠂ ᠤᠯᠠᠭᠠᠨᠴᠠᠪ ᠠᠢᠮᠠᠭ ᠤᠨ ᠦᠨᠳᠦᠰᠦᠲᠡᠨ ᠦ ᠳᠠᠭᠤᠤ ᠪᠥᠵᠢᠭ ᠦ᠋ᠨ ᠪᠦᠯᠬᠦᠮ ᠳᠦ ᠵᠦᠴᠦᠭᠡᠴᠢᠨ ᠦ ᠡᠭᠦᠷᠭᠡ ᠶᠢ ᠭᠦᠢᠴᠡᠳᠭᠡᠵᠦ ᠶᠠᠪᠤᠯ᠎ᠠ᠃ 1954 ᠣᠨ ᠤ 8 ᠰᠠᠷ᠎ᠠ ᠳᠤ ᠥᠪᠦᠷ ᠮᠣᠩᠭᠤᠯ ᠤ᠋ᠨ ᠳᠠᠭᠤᠤ ᠪᠥᠵᠢᠭ ᠵᠦ ᠴᠤ᠌ᠭᠡ ᠵᠢᠨ ᠪᠦᠯᠬᠦᠮ ᠦᠨ ᠳᠠᠭᠤᠤ ᠵᠢᠨ ᠠᠩᠭᠢ ᠳᠤ ᠨᠠᠢᠷᠠᠯ ᠳᠠᠭᠤᠴᠢᠨ ᠤ ᠠᠵᠢᠯ ᠲᠠᠢ ᠪᠥᠭᠡᠳ ᠨᠠᠢᠷᠠᠭᠤᠯᠬᠤ ᠣᠷᠴᠢᠭᠤᠯᠬᠤ ᠵᠣᠬᠢᠶᠠᠬᠤ ᠵᠡᠷᠭᠡ ᠵᠢᠨ ᠠᠵᠢᠯ ᠢ ᠬᠠᠪᠰᠤᠷᠭᠠᠨ ᠬᠢᠵᠦ ᠪᠠᠢᠭᠠᠳ 1960 ᠣᠨ ᠤ 6 ᠰᠠᠷ᠎ᠠ ᠳᠤ ᠥᠪᠦᠷ ᠮᠣᠩᠭᠤᠯ ᠤ᠋ᠨ ᠤᠳᠭ᠎ᠠ ᠤᠷᠠᠯᠢᠭ ᠤ᠋ᠨ ᠬᠵᠢᠨ ᠤ᠋ ᠬᠣᠯᠪᠤᠭᠠᠨ ᠤ᠋ 《ᠥᠨᠢᠷ ᠴᠡᠴᠡᠭ》 ᠰᠡᠳᠭᠦᠯ ᠦ᠋ᠨ ᠬᠣᠷᠢᠶᠠᠨ ᠳ᠋ᠤ᠌ ᠨᠠᠢᠷᠠᠭᠤᠯᠤᠭᠴᠢ ᠵᠢᠨ ᠠᠯᠪᠠ ᠬᠠᠭᠠᠳᠠᠭ ᠪᠣᠯᠪᠠ᠃ ᠡᠲᠡᠭᠡᠷ ᠵᠢᠯ ᠦᠨ ᠳᠣᠲᠤᠷ᠎ᠠ 1958 ᠣᠨ ᠤ 2 ᠰᠠᠷ᠎ᠠ ᠠᠴᠠ ᠡᠬᠢᠯᠡᠨ 1959 ᠣᠨ ᠤ ᠰᠡᠭᠦᠯᠴᠢ ᠪᠣᠯᠲᠠᠯ᠎ᠠ ᠥᠪᠦᠷ ᠮᠣᠩᠭᠤᠯ ᠤ᠋ᠨ ᠳᠠᠭᠤᠤ ᠪᠥᠵᠢᠭ ᠵᠦ ᠴᠤ᠌ᠭᠡ ᠵᠢᠨ ᠪᠦᠯᠬᠦᠮ ᠡᠴᠡ ᠠᠮᠢᠳᠤᠷᠠᠯ ᠳᠤ ᠭᠦᠨᠵᠡᠭᠡᠢᠷᠡᠨ ᠦᠨᠳᠦᠰᠦᠨ ᠱᠠᠲᠤᠨ ᠳᠤ ᠳᠠᠪᠲᠠᠨ ᠪᠣᠯᠪᠠᠰᠤᠷᠠᠬᠤ ᠵᠢᠨ ᠲᠥᠯᠦᠭᠡ ᠪᠠᠷᠠᠭᠤᠨ ᠰᠥᠨᠢᠳ ᠬᠣᠰᠢᠭᠤᠨ ᠤ ᠰᠠᠢᠬᠠᠨᠥ᠌ᠯᠵᠡᠢ ᠨᠢᠭᠡᠳᠦᠯ ᠦᠨ ᠮᠠᠩᠯᠠᠶ ᠶᠡᠬᠡ ᠪᠠᠷᠢᠭᠠᠳᠠ ᠳᠤ ᠤᠯᠤᠰ ᠠᠴᠠ ᠲᠣᠮᠢᠯᠠᠭᠰᠠᠨ ᠪᠠᠷᠢᠭᠠᠳᠠ ᠵᠢᠨ ᠳᠠᠷᠤᠭ᠎ᠠ ᠵᠢᠨ ᠲᠤᠰᠢᠶᠠᠯ ᠢ ᠬᠠᠷᠢᠭᠤᠴᠠᠵᠤ ᠶᠠᠪᠤᠯ᠎ᠠ᠃ 1965 ᠣᠨ ᠤ ᠡᠪᠦᠯ ᠥᠪᠦᠷ ᠮᠣᠩᠭᠤᠯ ᠤ᠋ᠨ ᠺᠢᠨᠣ᠋ ᠦᠢᠯᠡᠳᠪᠦᠷᠢ ᠳᠦ ᠨᠠᠢᠷᠠᠭᠤᠯᠤᠭᠴᠢ ᠵᠢᠨ ᠠᠵᠢᠯ ᠢ ᠬᠢᠵᠦ 1972 ᠣᠨ ᠳᠤ 《ᠥᠨᠢᠷ ᠴᠡᠴᠡᠭ》 ᠰᠡᠳᠭᠦᠯ ᠳ᠋ᠡᠭᠡᠨ ᠪᠤᠴᠠᠵᠤ ᠢᠷᠡᠯ᠎ᠡ᠃ 1959 ᠣᠨ ᠤ 12 ᠰᠠᠷ᠎ᠠ ᠳᠤ ᠪᠠᠷᠠᠭᠤᠨ ᠰᠥᠨᠢᠳ ᠦ᠋ᠨ ᠰᠠᠢᠬᠠᠨᠥ᠌ᠯᠵᠡᠢ ᠨᠢᠭᠡᠳᠦᠯ ᠳᠦ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠪᠡ᠃ ᠤᠯᠠᠭᠠᠨᠴᠠᠪ ᠤᠨ ᠤᠷᠠᠨ ᠰᠠᠢᠬᠠᠨ ᠳᠤ ᠪᠠᠢᠬᠤ ᠳᠠᠭᠠᠨ ᠰᠠᠷᠢᠮᠪᠣᠣ ᠲᠠᠢ ᠬᠠᠮᠵᠢᠯᠴᠠᠨ 《ᠰᠢᠯᠢᠳᠡᠭ ᠮᠠᠯᠴᠢᠨ ᠵᠠᠮᠢᠶᠠᠨ》 ᠭᠡᠳᠡᠭ ᠭᠠᠭᠴᠠ ᠦᠵᠡᠭᠳᠡᠯᠲᠦ ᠳᠠᠭᠤᠯᠠᠯᠲᠦ᠍ ᠵᠦᠴᠤ᠌ᠭᠡ ᠪᠢᠴᠢᠭᠰᠡᠨ ᠪᠥᠭᠡᠳ ᠲᠥᠪ ᠦ᠋ᠨ ᠴᠥᠭᠡᠨ ᠲᠣᠭᠠᠨᠲᠦ᠍ ᠦᠨᠳᠦᠰᠦᠲᠡᠨ ᠦ ᠲᠣᠬᠤᠨᠢᠭᠤᠯᠬᠤ ᠪᠦᠯᠬᠦᠮ ᠳᠦ ᠭᠣᠣᠯ ᠲᠣᠭᠯᠠᠯᠲᠠ ᠪᠣᠯᠭᠠᠨ ᠦᠵᠡᠭᠦᠯᠵᠦ᠂ ᠪᠦᠬᠥ ᠠᠢᠮᠠᠭ ᠤᠨ ᠰᠠᠢᠰᠢᠶᠠᠯ ᠬᠥᠬᠢᠭᠦᠯᠦᠯ ᠢ᠋ ᠣᠯᠪᠠ᠃ ᠥᠪᠦᠷ ᠮᠣᠩᠭᠤᠯ ᠤ᠋ᠨ ᠳᠠᠭᠤᠤ ᠪᠥᠵᠢᠭ ᠵᠦ ᠴᠤ᠌ᠭᠡ ᠵᠢᠨ ᠪᠦᠯᠬᠦᠮ ᠳᠦ ᠪᠠᠢᠬᠤ ᠳᠠᠭᠠᠨ 《ᠮᠣᠷᠢᠲᠦ᠍ ᠪᠠᠢᠯᠳᠤᠭᠴᠢ》᠂ 《 ᠲᠤᠭᠤᠯᠴᠢᠨ ᠬᠡᠦᠬᠡᠨ》 ᠭᠡᠳᠡᠭ ᠳᠠᠭᠤᠤ ᠵᠣᠬᠢᠶᠠᠵᠤ᠂ ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠣᠷᠤᠨ ᠪᠠᠢᠭᠤᠯᠤᠭᠳᠠᠭᠰᠠᠨ ᠠᠷᠪᠠᠨ ᠵᠢᠯ ᠦᠨ ᠣᠶ ᠪᠣᠯ ᠤᠨ ᠠᠷᠪᠠᠨ ᠲᠠᠪ ᠤᠨ ᠵᠢᠯ ᠦᠨ ᠣᠶ ᠳᠤ ᠭᠤᠷᠪᠠᠳᠤᠭᠠᠷ ᠲᠠᠰ ᠤᠨ ᠱᠠᠩᠨᠠᠯ ᠣ ᠯᠦ᠍ᠭᠰᠠᠨ ᠶᠤᠮ᠃ 1984~ 1985 ᠣᠨ ᠤ ᠬᠣᠭᠤᠷᠤᠨᠳᠤ ᠲᠤᠰ ᠬᠥᠮᠦᠨ ᠥᠪᠦᠷ ᠮᠣᠩᠭᠤᠯ ᠤ᠋ᠨ ᠰᠢᠭᠤᠳ ᠬᠠᠷᠢᠶ᠎ᠠ ᠪᠠᠢᠭᠤᠯᠭ᠎ᠠ ᠵᠢᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠰᠢᠯᠢᠳᠡᠭ ᠨᠠᠮ ᠤᠨ ᠭᠡᠰᠢᠭᠦᠨ ᠦ ᠦᠨᠡᠮᠯᠡᠯ ᠢ ᠭᠠᠷᠳᠠᠪᠠ᠃ 1990 ᠣᠨ ᠤ ᠨᠠᠢ᠍ᠮᠠᠳᠤᠭᠠᠷ ᠰᠠᠷ᠎ᠠ ᠳᠤ ᠪᠦᠬᠥ ᠤᠯᠤᠰ ᠤᠨ ᠮᠣᠩᠭᠤᠯ ᠰᠡᠳᠭᠦᠯ ᠦ᠋ᠨ ᠬᠠᠮᠵᠢᠯᠴᠠᠬᠤ ᠬᠤᠷᠠᠯ ᠠᠴᠠ 《ᠮᠣᠩᠭᠤᠯ ᠰᠡᠳᠭᠦᠯ ᠦ᠋ᠨ ᠭᠠᠪᠢᠶᠠᠲᠦ᠍ ᠨᠠᠢᠷᠠᠭᠤᠯᠤᠭᠴᠢ》 ᠭᠡᠰᠡᠨ ᠴᠣᠯᠠ ᠬᠠᠢᠷᠠᠯᠠᠵᠤ ᠬᠥᠬᠢᠭᠦᠯᠦᠯ ᠦ᠋ᠨ ᠦᠨᠡᠮᠯᠡᠯ ᠬᠦᠷᠲᠡᠪᠡ᠃ ᠳᠤᠮᠳᠠᠳᠤ ᠤᠯᠤᠰ ᠤᠨ ᠵᠣᠬᠢᠶᠠᠯᠴᠢᠳ ᠤᠨ ᠡᠪᠯᠡᠯ ᠦᠨ ᠥᠪᠦᠷ ᠮᠣᠩᠭᠤᠯ ᠤ᠋ᠨ ᠬᠤᠪᠢᠶᠠᠷᠢ ᠡᠪᠯᠡᠯ ᠦᠨ ᠭᠡᠰᠢᠭᠦᠨ ᠬᠡᠷᠡᠭ ᠡᠷᠬᠢᠯᠡᠭᠴᠢ᠂ ᠳᠤᠮᠳᠠᠳᠤ ᠤᠯᠤᠰ ᠤᠨ ᠴᠥᠭᠡᠨ ᠲᠣᠭᠠᠨᠲᠦ᠍ ᠦᠨᠳᠦᠰᠦᠲᠡᠨ ᠦ ᠵᠣᠬᠢᠶᠠᠯᠴᠢᠳ ᠤᠨ ᠨᠡᠢᠭᠡᠮᠯᠢᠭ ᠦᠨ ᠭᠡᠰᠢᠭᠦᠨ᠂ ᠥᠨᠢᠷ ᠴᠡᠴᠡᠭ ᠰᠡᠳᠭᠦᠯ ᠦ᠋ᠨ ᠳᠡᠳ᠋ ᠶᠡᠷᠦᠩᠬᠡᠶ ᠨᠠᠢᠷᠠᠭᠤᠯᠤᠭᠴᠢ᠂ ᠵᠥᠪᠯᠡᠭᠴᠢ᠂ ᠳᠡᠯᠡᠬᠡᠶ ᠵᠢᠨ ᠤᠳᠭ᠎ᠠ ᠵᠣᠬᠢᠶᠠᠯ ᠰᠡᠳᠭᠦᠯ ᠦ᠋ᠨ ᠤᠤᠭᠠᠨ ᠶᠡᠷᠦᠩᠬᠡᠶ ᠨᠠᠢᠷᠠᠭᠤᠯᠤᠭᠴᠢ ᠵᠡᠷᠭᠡ ᠨᠡᠢᠭᠡᠮ ᠦᠨ ᠪᠠ ᠲᠤᠰᠭᠠᠢ ᠠᠵᠢᠯ ᠤᠨ ᠡᠭᠦᠷᠭᠡ ᠲᠤᠰᠢᠶᠠᠯ ᠢ ᠬᠠᠷᠢᠭᠤᠴᠠᠵᠤ ᠪᠠᠢᠭᠠᠳ 1990 ᠣᠨ ᠤ 5 ᠰᠠᠷ᠎ᠠ ᠳᠤ ᠠᠮᠠᠷᠠᠯᠲᠠ ᠪᠠᠨ ᠠᠪᠤᠭᠰᠠᠨ ᠶᠤᠮ᠃
Copyight 2016 by nmgmzw.gov.cn All Rights Reserved