ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠭᠡᠷᠡᠯᠲᠦ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠭᠡᠷᠡᠯᠲᠦ ( 1928~ ) ᠳᠠᠭᠤᠷ ᠦᠨᠳᠦᠰᠦᠲᠡᠨ᠂ ᠠᠩᠬ᠎ᠠ ᠡᠷᠬᠢᠯᠡᠭᠰᠡᠨ ᠨᠠᠢᠷᠠᠭᠤᠯᠤᠭᠴᠢ᠃ ᠥᠪᠦᠷ ᠮᠣᠩᠭᠤᠯ  ᠤᠨ ᠬᠥᠯᠦᠨ ᠪᠤᠢᠷ ᠠᠢᠮᠠᠭ  ᠤᠨ ᠰᠣᠯᠤᠩᠭ᠎ᠠ ᠬᠣᠰᠢᠭᠤᠨ ᠳᠤ ᠲᠥᠷᠦᠵᠡᠢ᠃ l946 ᠣᠨ ᠳᠤ ᠵᠡᠭᠦᠨ ᠬᠣᠢᠲᠤ  ᠵᠢᠨ ᠴᠡᠷᠢᠭ ᠵᠠᠰᠠᠭ  ᠤᠨ ᠰᠤᠷᠭᠠᠭᠤᠯᠢ ᠳᠤ ᠰᠤᠷᠤᠯᠴᠠᠵᠤ᠂ 1947 ᠣᠨ ᠳᠤ ᠬᠥᠯᠦᠨ ᠪᠤᠢᠷ ᠤ᠋ᠨ ᠥᠪᠡᠷᠲᠡᠭᠡᠨ ᠵᠠᠰᠠᠬᠤ ᠴᠡᠷᠢᠭ ᠦᠨ ᠤᠯᠤᠰ ᠲᠦᠷᠥ  ᠵᠢᠨ ᠬᠡᠯᠲᠡᠰ ᠲᠦ ᠠᠵᠢᠯᠯᠠᠪᠠ᠃ 1948 ᠣᠨ ᠳᠤ ᠴᠢᠴᠢᠬᠠᠷ  ᠤᠨ ᠥᠪᠦᠷ ᠮᠣᠩᠭᠤᠯ ᠤ᠋ᠨ ᠴᠡᠷᠢᠭ ᠵᠠᠰᠠᠭ  ᠤᠨ ᠰᠤᠷᠭᠠᠭᠤᠯᠢ ᠳᠤ ᠰᠤᠷᠤᠯᠴᠠᠵᠤ ᠭᠠᠷᠤᠭᠠᠳ ᠳᠤᠮᠳᠠᠳᠤ ᠤᠯᠤᠰ  ᠤᠨ ᠰᠢᠨ᠎ᠡ ᠠᠷᠠᠳᠴᠢᠯᠠᠭᠰᠠᠨ ᠵᠠᠯᠠᠭᠤ ᠴᠤ᠌ᠳ  ᠤᠨ ᠡᠪᠯᠡᠯ ᠦᠨ ᠰᠢᠨ᠎ᠡ ᠪᠠᠷᠭᠤ ᠵᠡᠭᠦᠨ ᠬᠣᠰᠢᠭᠤᠨ ᠤ ᠬᠣᠷᠢᠶᠠᠨ ᠳ᠋ᠤ᠌ ᠠᠵᠢᠯᠯᠠᠪᠠ᠃ 1950 ᠣᠨ ᠤ 7 ᠰᠠᠷ᠎ᠠ ᠳᠤ ᠥᠪᠦᠷ ᠮᠣᠩᠭᠤᠯ ᠤ᠋ᠨ ᠡᠪᠯᠡᠯ ᠦᠨ ᠰᠤᠷᠭᠠᠭᠤᠯᠢ ᠶᠢ ᠲᠡᠭᠦᠰᠭᠡᠭᠡᠳ᠂ ᠥᠪᠦᠷ ᠮᠣᠩᠭᠤᠯ ᠤ᠋ᠨ ᠡᠪᠯᠡᠯ ᠦᠨ ᠬᠣᠷᠢᠶᠠᠨ ᠳ᠋ᠤ᠌ ᠠᠵᠢᠯᠯᠠᠪᠠ᠃ 1953 ᠣᠨ ᠠᠴᠠ 《ᠥᠪᠦᠷ ᠮᠣᠩᠭᠤᠯ ᠤ᠋ᠨ ᠵᠠᠯᠠᠭᠤ ᠴᠤ᠌ᠳ  ᠤᠨ ᠰᠣᠨᠢᠨ》᠂ 《ᠥᠪᠦᠷ ᠮᠣᠩᠭᠤᠯ ᠤ᠋ᠨ ᠵᠠᠯᠠᠭᠤ ᠴᠤ᠌ᠳ》 ᠰᠡᠳᠭᠦᠯ ᠦ᠋ᠨ ᠨᠠᠢᠷᠠᠭᠤᠯᠤᠭᠴᠢ ᠰᠤᠷᠪᠤᠯᠵᠢᠯᠠᠭᠴᠢ ᠪᠠᠢᠵᠤ᠂ 1957 ᠣᠨ ᠳᠤ 《ᠴᠣᠮᠣᠷᠯᠢᠭ》 ᠰᠡᠳᠭᠦᠯ ᠢ᠋ ᠠᠩᠬ᠎ᠠ ᠡᠷᠬᠢᠯᠡᠨ ᠬᠡᠪᠯᠡᠭᠦᠯᠪᠡ᠃ 1964——1971 ᠣᠨ ᠤ ᠬᠣᠭᠤᠷᠤᠨᠳᠤ ᠥᠪᠦᠷ ᠮᠣᠩᠭᠤᠯ ᠤ᠋ᠨ ᠡᠳᠦᠷ ᠦᠨ ᠰᠣᠨᠢᠨ ᠳᠤ ᠠᠵᠢᠯᠯᠠᠵᠤ᠂ 1972—— 1989 ᠣᠨ ᠪᠣᠯᠲᠠᠯ᠎ᠠ ᠬᠥᠯᠦᠨ ᠪᠤᠢᠷ ᠠᠢᠮᠠᠭ  ᠤᠨ ᠰᠢᠨ᠎ᠡ ᠪᠠᠷᠭᠤ ᠵᠡᠭᠦᠨ ᠬᠣᠰᠢᠭᠤᠨ ᠤ ᠲᠠᠯ᠎ᠠ ᠨᠤᠲᠤᠭ  ᠤᠨ ᠥᠷᠲᠡᠭᠡ᠂ ᠮᠠᠯᠵᠢᠯ  ᠤᠨ ᠲᠣᠪᠴᠢᠶᠠᠨ ᠳᠤ ᠳᠠᠷᠤᠭ᠎ᠠ  ᠵᠢᠨ    ᠲᠤᠰᠢᠶᠠᠯ ᠲᠠᠢ ᠪᠠᠢᠵᠤ ᠠᠮᠠᠷᠠᠯᠲᠠ ᠳᠠᠭᠠᠨ ᠭᠠᠷᠴᠠᠢ᠃ 《ᠥᠪᠦᠷ ᠮᠣᠩᠭᠤᠯ ᠤ᠋ᠨ ᠵᠠᠯᠠᠭᠤ ᠴᠤ᠌ᠳ》 ᠰᠡᠳᠭᠦᠯ ᠳ᠋ᠦ᠍ ᠪᠠᠢᠬᠤ ᠳᠠᠭᠠᠨ ᠬᠥᠳᠡᠯᠮᠦᠷᠢ ᠦᠢᠯᠡᠳᠪᠦᠷᠢᠯᠡᠯ ᠦᠨ  ᠲᠤᠰᠭᠠᠢ ᠡᠬᠡ ᠪᠢᠴᠢᠭ ᠦᠨ ᠨᠠᠢᠷᠠᠭᠤᠯᠭ᠎ᠠ ᠶᠢ ᠭᠣᠣᠯᠳᠠᠶ ᠡᠷᠬᠢᠯᠡᠵᠦ ᠪᠠᠢᠭᠰᠠᠨ ᠪᠥᠭᠡᠳ ᠪᠠᠲᠤᠴᠢᠨ᠂ ᠴᠢᠯᠠᠭᠤᠴᠢᠨ᠂ ᠢᠮᠴᠢᠨ ᠵᠡᠷᠭᠡ ᠨᠡᠷ᠎ᠡ ᠪᠡᠷ 《ᠲᠠᠲᠠᠨ ᠤ ᠬᠦᠰᠡᠯ》᠂ 《 ᠦᠬᠡᠷᠴᠢᠨ ᠵᠠᠯᠠᠭᠤ ᠬᠤᠸᠠᠳᠠᠭ》᠂ 《ᠰᠤᠷᠤᠯᠭ᠎ᠠ ᠰᠠᠢᠲᠠᠶ ᠬᠡᠦᠬᠡᠨ》᠂ 《ᠨᠢᠭᠡ ᠰᠥᠨᠢ   ᠵᠢᠨ ᠬᠡᠷᠡᠭ》᠂ 《ᠵᠤᠳ ᠰᠢᠭᠤᠷᠭᠠᠨ ᠳᠤ》᠂ 《ᠰᠢᠨ᠎ᠡ  ᠵᠢᠨ ᠬᠣᠶᠠᠷ    ᠲᠦ᠍》 ᠵᠡᠷᠭᠡ ᠴᠢᠮᠡᠭᠡᠯᠡᠯ ᠰᠤᠷᠪᠤᠯᠵᠢᠯᠠᠭ᠎ᠠ ᠪᠢᠴᠢᠵᠦ᠂ ᠮᠠᠯᠵᠢᠬᠤ ᠦᠢᠯᠡᠳᠪᠦᠷᠢᠯᠡᠯ ᠦᠨ ᠹᠷᠣᠨᠲ ᠲᠠᠬᠢ ᠰᠢᠯᠢᠳᠡᠭ ᠵᠠᠯᠠᠭᠤ ᠨᠢᠭᠡᠨ ᠦᠶ᠎ᠡ  ᠵᠢᠨ ᠬᠥᠮᠦᠰ ᠢ᠋ ᠮᠠᠭᠲᠠᠨ ᠳᠠᠭᠤᠯᠠᠵᠠᠢ᠃ 《ᠵᠢᠷᠤᠭ ᠰᠤᠷᠪᠤᠯᠵᠢᠯᠠᠭ᠎ᠠ》 ᠬᠡᠮᠡᠬᠦ ᠪᠤᠯᠤᠩ ᠢ ᠰᠠᠨᠠᠭᠠᠴᠢᠯᠠᠨ ᠭᠠᠷᠭᠠᠵᠤ᠂ ᠬᠡᠷᠡᠯ ᠵᠢᠷᠤᠭ ᠢᠶᠠᠷ ᠨᠡᠢᠭᠡᠮ ᠵᠢᠷᠤᠮ   ᠲᠦ᠍ ᠪᠦᠲᠦᠭᠡᠨ ᠪᠠᠢᠭᠤᠯᠤᠯᠲᠠ  ᠵᠢᠨ ᠳᠤᠮᠳᠠᠬᠢ ᠬᠥᠳᠡᠭᠡ ᠨᠤᠲᠤᠭ  ᠤᠨ ᠠᠮᠢᠳᠤᠷᠠᠯ ᠢ ᠬᠤᠭᠤᠴᠠᠭ᠎ᠠ ᠪᠦᠷᠢ ᠨᠠᠢᠳᠠᠯᠠᠵᠤ ᠪᠠᠢᠪᠠ᠃ ᠥᠪᠦᠷ ᠮᠣᠩᠭᠤᠯ ᠤ᠋ᠨ ᠠᠩᠬᠠᠨ ᠤ ᠮᠣᠩᠭᠤᠯ ᠬᠡᠦᠬᠡᠳ ᠦ᠋ᠨ ᠰᠡᠳᠭᠦᠯ 《ᠴᠣᠮᠣᠷᠯᠢᠭ》 ᠢ ᠡᠭᠦᠰᠭᠡᠨ ᠡᠷᠬᠢᠯᠡᠵᠦ ᠨᠠᠢᠷᠠᠭᠤᠯᠬᠤ ᠡᠭᠦᠷᠭᠡ ᠶᠢ ᠬᠦᠯᠢᠶᠡᠭᠰᠡᠨ ᠦ ᠳᠠᠷᠠᠭ᠎ᠠ ᠴᠢᠨᠠᠷᠯᠢᠭ ᠡᠷᠬᠢᠯᠡᠬᠦ ᠪᠡᠷ  ᠴᠤ᠌ᠴᠠᠯᠲᠠ ᠦᠬᠡᠶ ᠴᠢᠷᠮᠠᠢᠵᠠᠢ᠃ ᠲᠡᠷᠡ ᠪᠡᠷ ᠰᠡᠳᠭᠦᠯ ᠦ᠋ᠨ ᠨᠠᠢᠷᠠᠭᠤᠯᠬᠤ ᠵᠣᠷᠢᠯᠭ᠎ᠠ᠂ ᠴᠢᠭᠯᠡᠯᠲᠡ᠂ ᠬᠡᠯᠪᠡᠷᠢ᠂ ᠠᠷᠭ᠎ᠠ ᠶᠢ ᠨᠠᠢᠷᠠᠭᠤᠯᠬᠤ ᠳᠤ ᠢᠶᠠᠷ ᠢᠶᠠᠨ ᠶᠠᠷᠢᠯᠴᠠᠨ ᠲᠣᠭᠲᠠᠭᠠᠵᠤ᠂ ᠨᠢᠮᠪᠠᠶ ᠬᠡᠷᠡᠭᠵᠢᠭᠦᠯᠦᠨ ᠭᠠᠷ ᠪᠢᠴᠢᠮᠡᠯ ᠢᠶᠡᠷ ᠪᠤᠳᠤᠭᠲᠠᠶ ᠬᠡᠪᠯᠡᠭᠰᠡᠨ ᠪᠥᠭᠡᠳ ᠦᠰᠥᠭ ᠵᠢᠷᠤᠭ ᠢ ᠬᠣᠣᠰᠯᠠᠭᠤᠯᠵᠤ᠂ ᠤᠩᠰᠢᠭᠴᠢᠳ  ᠤᠨ ᠢᠶᠠᠨ ᠨᠠᠰᠤᠨ ᠤ ᠣᠨᠴᠠᠯᠢᠭ    ᠲᠦ᠍ ᠲᠣᠬᠢᠷᠠᠭᠤᠯᠤᠨ 《ᠦᠨᠡᠨᠴᠢ  ᠵᠢᠨ ᠠᠶᠠᠯᠠᠯ》᠂ 《ᠴᠣᠮᠣᠷᠯᠢᠭ  ᠤᠨ ᠬᠤᠷ᠎ᠠ》᠂ 《ᠦᠯᠢᠭᠡᠷ ᠲᠣᠮᠣᠭ》᠂ 《 ᠰᠢᠨᠵᠢᠯᠡᠭᠡ》᠂ 《ᠰᠠᠢᠰᠢᠶᠠᠯ》᠂ 《ᠬᠥᠮᠦᠨ ᠦ᠌ ᠲᠡᠦᠬᠡ》᠂ 《ᠳᠠᠯᠠᠨ ᠬᠤᠳᠠᠯᠴᠢ》᠂ 《ᠲᠣᠭᠯᠠᠭᠠᠮ》᠂ 《 ᠢᠨᠢᠶᠡᠳᠦ》 ᠵᠡᠷᠭᠡ ᠪᠤᠯᠤᠩ ᠢ ᠡᠭᠦᠳᠦᠨ ᠡᠷᠬᠢᠯᠡᠵᠦ᠂ ᠪᠠᠭᠠ ᠴᠤ᠌ᠳ ᠬᠡᠦᠬᠡᠳ ᠦ᠋ᠨ ᠬᠦᠷᠢᠶᠡᠯᠡᠯ ᠢ ᠣᠯᠵᠠᠢ᠃ 《ᠦᠨᠡᠨᠴᠢ  ᠵᠢᠨ ᠠᠶᠠᠯᠠᠯ》 ᠪᠤᠯᠤᠩ ᠨᠢ ᠪᠢᠴᠢᠬᠠᠨ ᠰᠤᠷᠪᠤᠯᠵᠢᠯᠠᠭᠴᠢ ᠦᠨᠡᠨᠴᠢ  ᠵᠢᠨ ᠰᠤᠷᠪᠤᠯᠵᠢᠯᠠᠭ᠎ᠠ ᠪᠠᠷ ᠳᠠᠮᠵᠢᠭᠤᠯᠵᠤ ᠬᠡᠦᠬᠡᠳ ᠪᠠᠭᠠ ᠴᠤ᠌ᠳ  ᠤᠨ ᠰᠣᠨᠤᠰᠬᠤ ᠴᠢᠬᠤᠯᠠᠲᠠᠶ ᠤᠯᠤᠰ  ᠤᠨ ᠳᠣᠲᠤᠭᠠᠳᠤ ᠭᠠᠳᠠᠭᠠᠳᠤ  ᠵᠢᠨ ᠰᠣᠨᠢᠨ ᠮᠡᠳᠡᠭᠡ ᠶᠢ ᠣᠬᠤᠷ ᠠᠪᠰᠠᠷᠬᠠᠨ ᠪᠥᠭᠡᠳ ᠣᠢᠯᠠᠭᠠᠮᠵᠢᠲᠠᠶ ᠦᠭᠡ ᠦᠰᠥᠭ᠂ ᠬᠡᠷᠡᠯ ᠵᠢᠷᠤᠭ ᠢ ᠬᠠᠪᠰᠤᠷᠭᠠᠨ ᠨᠡᠢᠲᠡᠯᠡᠳᠡᠭ ᠪᠠᠢᠪᠠ᠃ ᠲᠡᠭᠦᠨ ᠦ ᠭᠣᠣᠯᠯᠠᠨ ᠡᠷᠬᠢᠯᠡᠭᠰᠡᠨ 《ᠴᠣᠮᠣᠷᠯᠢᠭ》 ᠰᠡᠳᠭᠦᠯ ᠥᠪᠦᠷ ᠮᠣᠩᠭᠤᠯ ᠤ᠋ᠨ ᠬᠡᠦᠬᠡᠳ ᠪᠠᠭᠠ ᠴᠤ᠌ᠳ  ᠤᠨ ᠲᠠᠭᠠᠰᠢᠶᠠᠯ ᠢ ᠣᠯᠵᠤ᠂ ᠡᠬᠢᠯᠡᠬᠦ ᠳᠡᠭᠡᠨ 1000 ᠬᠤᠪᠢ ᠲᠡᠳᠦᠶ ᠲᠠᠷᠬᠠᠭᠠᠵᠤ ᠪᠠᠢᠭᠰᠠᠨ ᠢᠶᠠᠨ 1959 ᠣᠨ ᠪ ᠣᠯᠠᠨᠤ ᠳᠤ 3200 ᠬᠤᠪᠢ ᠬᠡᠪᠯᠡᠬᠦ ᠪᠣᠯᠵᠠᠢ᠃ ( ᠬᠠᠰᠪᠠᠷᠰ )